68 ᠰᠠᠶ᠎ᠠ ᠵᠢᠯ ᠤᠨ ᠡᠮᠦᠨᠡᠬᠢ ᠥᠯᠭᠡ ᠭᠦᠷᠪᠡᠯ ᠤᠨ ᠶᠠᠰᠤ ᠣᠯᠵᠠᠢ | News.MN

68 ᠰᠠᠶ᠎ᠠ ᠵᠢᠯ ᠤᠨ ᠡᠮᠦᠨᠡᠬᠢ ᠥᠯᠭᠡ ᠭᠦᠷᠪᠡᠯ ᠤᠨ ᠶᠠᠰᠤ ᠣᠯᠵᠠᠢ

 

ᠰᠤᠳᠤᠯᠤᠭᠠᠴᠢᠳ ᠰᠢᠳᠦ ᠦᠭᠡᠢ᠂ ᠥᠳᠦ ᠰᠦᠳᠦ ᠲᠠᠢ᠂ ᠤᠷᠳᠤ ᠮᠦᠴᠢᠨ ᠳᠦ ᠪᠡᠨ ᠶᠡᠷᠦ ᠳ᠋ᠦ ᠪᠡᠨ ᠬᠤᠶᠠᠷ ᠬᠤᠷᠤᠭᠤ ᠲᠠᠢ ᠥᠯᠭᠡ ᠭᠦᠷᠪᠡᠯ ᠤᠨ ᠮᠠᠰᠢ ᠶᠡᠷᠦ ᠪᠤᠰᠤ ᠵᠢᠨ ᠰᠢᠨ᠎ᠡ ᠲᠥᠷᠦᠯ ᠵᠦᠢᠯ ᠊ᠢ ᠣᠯᠵᠤ ᠢᠯᠡᠷᠡᠭᠦᠯᠵᠡᠢ᠃ ᠡᠳᠡᠭᠡᠷ ᠥᠯᠭᠡ ᠭᠦᠷᠪᠡᠯ ᠦᠳ ᠨᠢ ᠭᠠᠳᠠᠭᠠᠳᠤ ᠲᠥᠷᠬᠦ ᠪᠡᠷ ᠵᠢᠨᠨ ᠠᠪᠤᠷᠭᠤ ᠲᠤᠮᠣ ᠲᠤᠳᠢ ᠰᠢᠪᠠᠭᠤ ᠲᠠᠢ ᠲᠥᠰᠲᠡᠢ ᠪᠠᠢᠢᠬᠰᠠᠨ ᠭᠡᠵᠦ ᠡᠷᠳᠡᠮᠲᠡᠳ ᠲᠠᠭᠠᠮᠠᠬᠯᠠᠵᠤ ᠪᠠᠢᠢᠭ᠎ᠠ ᠶᠤᠮ᠃ ᠥᠯᠭᠡ ᠭᠦᠷᠪᠡᠯ ᠤᠨ ᠰᠢᠨ᠎ᠡ ᠲᠥᠷᠦᠯ ᠵᠦᠢᠯ ᠤᠨ ᠲᠠᠯ᠎ᠠ ᠪᠡᠷ ᠬᠢ ᠲᠠᠢᠢᠯᠪᠤᠷᠢ ᠵᠢ  Royal Society Open Science ᠰᠢᠨᠵᠢᠯᠡᠬᠦ ᠤᠬᠠᠭᠠᠨ ᠪ ᠰᠡᠳᠬᠦᠯ ᠳ᠋ᠦ ᠨᠡᠢᠢᠲᠡᠯᠡᠵᠡᠢ ᠃

ᠰᠢᠨ᠎ᠡ ᠲᠥᠷᠦᠯ ᠵᠦᠢᠯ ᠊ᠢ ᠠᠯᠲᠠᠢ ᠵᠢᠨ ᠳᠤᠮᠤᠭ ᠲᠤ ᠭᠠᠷᠳᠠᠭ ᠳᠦᠷᠢ ᠪᠣᠯᠬᠤ ︽ᠤᠺᠰᠤᠺᠤ︾ᠬᠡᠮᠡᠬᠦ ᠭᠤᠷᠪᠠᠨ ᠲᠤᠯᠤᠭᠠᠢᠢᠲᠤ ᠪᠦᠷᠭᠦᠳ ᠤᠨ ᠨᠡᠷ᠎ᠡ ᠪᠡᠷ Oksoko avarsan ᠬᠡᠮᠡᠨ ᠨᠡᠷᠡᠯᠡᠭᠰᠡᠨ ᠪᠠᠢᠢᠨ᠎ᠠ᠃ ᠡᠨᠡ ᠨᠢ ᠭᠠᠪᠠᠯᠠ ᠵᠢᠨ ᠭᠤᠷᠪᠠᠨ ᠶᠠᠰᠤ ᠵᠢ ᠬᠠᠮᠲᠤ  ᠳᠤ ᠨᠢ ᠤᠯᠤᠭᠰᠠᠨ ᠲᠠᠢ ᠬᠤᠯᠪᠣᠭᠠᠲᠠᠢ ᠪᠣᠯ ᠨᠡᠷ᠎ᠡ ᠵᠢᠨ ᠬᠤᠶᠠᠳᠠᠬᠢ ᠬᠡᠰᠡᠭ ᠨᠢ ᠮᠤᠩᠭᠤᠯ ᠵᠢᠨᠷ︽ ᠠᠪᠤᠷᠠᠬᠳᠠᠬᠰᠠᠨ︾ᠭᠡᠬᠦ ᠤᠳᠬ᠎ᠠ ᠲᠠᠢ ᠪᠥᠭᠡᠳ ᠣᠯᠳᠠᠪᠤᠷᠢ ᠵᠢ ᠬᠠᠤᠯᠢ ᠪᠤᠰᠤ ᠪᠡᠷ ᠮᠠᠯᠲᠠᠯᠭ᠎ᠠ ᠬᠢᠭᠴᠢᠳ ᠡᠴᠡ ᠠᠪᠤᠷᠠᠬᠰᠠᠨ ᠤᠴᠢᠷ ᠡᠴᠠ ᠡᠢᠢᠨ ᠬᠦ ᠨᠡᠷᠡᠯᠡᠵᠡᠢ ᠃

ᠰᠤᠳᠤᠯᠤᠭᠠᠴᠢᠳ ︽ᠤᠺᠰᠤᠺᠤ︾ᠨᠢ ᠬᠤᠶᠠᠷ ᠮᠧᠲ᠋ᠷ ᠤᠨ ᠤᠷᠲᠤ ᠪᠡᠶ᠎ᠡ ᠲᠠᠢ ᠂ ᠬᠤᠯᠢᠮᠠᠭ ᠲᠡᠵᠢᠭᠡᠯᠲᠡᠨ ᠠᠮᠢᠲᠠᠨ ᠪᠠᠢᠢᠬᠰᠠᠨ ᠭᠡᠵᠦ ᠲᠠᠭᠠᠮᠠᠬᠯᠠᠵᠤ ᠪᠠᠢᠢᠨ᠎ᠠ ᠃ ᠡᠨᠡ ᠦᠯᠭᠡ ᠭᠦᠷᠪᠡᠯ ᠨᠢ ᠲᠤᠳᠢ ᠰᠢᠭ᠋ ᠰᠢᠳᠦ ᠦᠭᠡᠢ ᠂ ᠲᠤᠮᠣ ᠬᠤᠰᠢᠭᠤ ᠲᠠᠢ ᠪᠠᠢᠢᠬᠰᠠᠨ ᠪᠥᠭᠡᠳ ᠤᠷᠳᠤ ᠮᠥᠴᠢ ᠲᠤᠰ ᠪᠦᠷᠢ ᠳ᠋ᠦ ᠶᠡᠷᠦ ᠳ᠋ᠦ ᠪᠡᠨ ᠬᠤᠶᠠᠷ ᠬᠤᠷᠤᠭᠤ ᠲᠠᠢ᠂ ᠭᠤᠷᠪᠠᠳᠠᠬᠢ ᠬᠤᠷᠤᠭᠤ ᠨᠢ ᠳᠤᠲᠠᠭᠤ ᠬᠥᠭᠵᠢᠯ ᠲᠠᠢ ᠬᠡᠯᠪᠡᠷᠢ ᠪᠡᠷ ᠵᠢᠨᠨ ᠦᠯᠡᠳᠡᠭᠰᠡᠨ ᠪᠠᠢᠢᠨ᠎ᠠ ᠃ ᠡᠨᠡ ᠬᠦ ᠣᠯᠳᠠᠪᠤᠷᠢ ᠨᠢ 68 ᠰᠠᠶ᠎ᠠ ᠣᠷᠴᠢᠮ ᠵᠢᠯ ᠦᠨ ᠨᠠᠰᠤᠲᠠᠢ ᠠᠵᠠᠢ᠃ ᠰᠤᠳᠤᠯᠭᠠᠨ ᠳᠤ ᠶᠡᠬᠡ ᠪᠠᠷᠢᠲ᠋ᠠᠨ ᠪ ᠡᠷᠳᠡᠮᠲᠡᠳ ᠡᠴᠡ ᠭᠠᠳᠠᠨ᠎ᠠ ᠂ ᠺᠠᠨᠠᠳᠠ ᠂ ᠶᠠᠫᠤᠨ ᠂ ᠮᠤᠩᠭᠤᠯ ᠤᠨ ᠡᠷᠳᠡᠮᠲᠡᠳ ᠣᠷᠤᠯᠴᠠᠵᠠᠢ ᠃

ᠰᠡᠳᠬᠢᠭᠳᠡᠯ ᠦᠯᠡᠳᠡᠭᠡᠬᠦ