ᠮᠠᠢᠢᠺ ᠫᠤᠮᠫᠸᠤ᠋ ᠠᠢᠢᠯᠴᠢᠯᠠᠯ ᠵᠢᠨᠨ ᠬᠤᠢᠰᠢᠯᠠᠭᠤᠯᠤᠭᠰᠠᠨ ᠳ᠋ᠤ ᠪᠠᠨ ᠬᠦᠯᠢᠴᠡᠯ  ᠦᠴᠢᠯ᠎ᠡ | News.MN

ᠮᠠᠢᠢᠺ ᠫᠤᠮᠫᠸᠤ᠋ ᠠᠢᠢᠯᠴᠢᠯᠠᠯ ᠵᠢᠨᠨ ᠬᠤᠢᠰᠢᠯᠠᠭᠤᠯᠤᠭᠰᠠᠨ ᠳ᠋ᠤ ᠪᠠᠨ ᠬᠦᠯᠢᠴᠡᠯ  ᠦᠴᠢᠯ᠎ᠡ

 

ᠠᠮᠧᠷᠢᠺᠠ ᠵᠢᠨ ᠲᠥᠷᠦ ᠵᠢᠨ ᠨᠠᠷᠢᠨ ᠪᠢᠴᠢᠭ ᠤᠨ ᠳᠠᠷᠤᠭ᠎ᠠ ᠮᠠᠢᠢᠺ ᠫᠤᠮᠫᠸᠤ᠋ ᠮᠤᠩᠭᠤᠯ ᠤᠯᠤᠰ  ᠲᠤ ᠬᠢᠬᠦ ᠭᠡᠵᠦ ᠪᠠᠢᠢᠬᠰᠠᠨ ᠠᠢᠢᠯᠴᠢᠯᠠᠯ ᠵᠢᠨᠨ ᠬᠤᠢᠢᠰᠢᠯᠠᠭᠤᠯᠬᠤ ᠪᠣᠯᠤᠬᠰᠠᠨ ᠳ᠋ᠤ ᠪᠠᠨ ᠬᠦᠯᠢᠴᠡᠯ ᠥᠴᠢᠵᠦ ᠂ ᠶᠡᠷᠦᠩᠬᠡᠢᠢᠯᠡᠭᠴᠢ ᠬᠠᠯᠲᠠᠮ᠎ᠠ ᠵᠢᠨ ᠪᠠᠲᠤᠲᠤᠯᠭ᠎ᠠ ᠲᠠᠢ ᠤᠲᠠᠰᠤ ᠪᠡᠷ ᠶᠠᠷᠢᠯ᠎ᠠ ᠃

ᠶᠠᠷᠢᠶᠠᠨ ᠪ ᠡᠬᠢᠨ ᠳ᠋ᠦ ᠨᠤᠶᠠᠨ ᠫᠤᠮᠫᠸᠤ᠋ ᠮᠤᠩᠭᠤᠯ ᠤᠯᠤᠰ ᠲᠤ ᠬᠢᠬᠦ ᠪᠡᠷ ᠲᠥᠯᠦᠪᠯᠡᠵᠦ ᠪᠠᠢᠢᠬᠰᠠᠨ ᠠᠢᠢᠯᠴᠢᠯᠠᠯ ᠵᠢᠨᠨ ᠬᠤᠢᠢᠰᠢᠯᠠᠭᠤᠯᠬᠤ ᠪᠣᠯᠤᠬᠰᠠᠨ ᠳ᠋ᠤ ᠪᠠᠨ ᠬᠠᠷᠠᠮᠰᠠᠵᠤ ᠪᠤᠢ ᠪᠠᠨ ᠢᠯᠡᠷᠬᠡᠢᠢᠯᠡᠪᠡ ᠃ ᠮᠤᠩᠭᠤᠯ ᠤᠯᠤᠰ  ᠤᠨ ᠶᠡᠷᠦᠩᠬᠡᠢᠢᠯᠡᠭᠴᠢ ᠨᠤᠶᠠᠨ ᠫᠤᠮᠫᠸᠤ᠋ ᠶᠢᠨ ᠠᠢᠢᠯᠴᠢᠯᠠᠯ ᠣᠢᠢᠷ᠎ᠠ ᠵᠢᠨ ᠬᠤᠭᠤᠴᠠᠭᠠᠨ ᠳᠦ ᠬᠡᠷᠡᠭᠵᠢᠨ᠎ᠡ ᠭᠡᠳᠡᠭ ᠲᠦ ᠡᠷᠡᠭᠡᠯᠵᠡᠬᠦ ᠦᠭᠡᠢ ᠪᠠᠢᠢᠭ᠎ᠠ ᠪᠠᠨ ᠬᠡᠯᠡᠯ᠎ᠡ ᠃ ᠬᠠᠯᠲᠠᠮ᠎ᠠ ᠵᠢᠨ ᠪᠠᠲᠤᠲᠤᠯᠭ᠎ᠠ ᠦᠷᠭᠦᠯᠵᠢᠯᠡᠭᠦᠯᠦᠨ᠂ ᠮᠤᠩᠭᠤᠯ ᠤᠯᠤᠰ ᠨᠢ︽ᠭᠤᠷᠪᠠᠳᠠᠬᠴᠢ ᠬᠥᠷᠰᠢ︾ᠠᠮᠧᠷᠢᠺᠠ ᠶᠢ ᠬᠤᠳᠠᠯᠳᠤᠭ᠎ᠠ ᠂ ᠬᠥᠷᠦᠩᠭᠡ ᠣᠷᠤᠭᠤᠯᠤᠯᠲᠠ ᠵᠢᠨ ᠲᠤᠮᠤᠬᠠᠨ ᠰᠲ᠋ᠷᠠᠲ᠋ᠸᠬᠢ ᠵᠢᠨ ᠲᠦᠩᠰᠢ ᠪᠠᠢᠢᠯᠭᠠᠬᠤ ᠰᠤᠨᠢᠷᠬᠠᠯᠲᠠᠢ ᠪᠠᠢᠢᠳᠠᠭ ᠊ᠢ ᠢᠯᠡᠷᠬᠡᠢᠢᠯᠡᠵᠦ ᠂ ᠬᠤᠶᠠᠷ ᠣᠷᠤᠨ ᠪ ᠬᠠᠷᠢᠯᠴᠠᠭ᠎ᠠ ᠂ ᠬᠠᠮᠲᠤ ᠵᠢᠨ ᠠᠵᠢᠯᠯᠠᠭ᠎ᠠ ᠵᠢ ᠡᠳ᠋ ᠤᠨ ᠵᠠᠰᠠᠭ ᠤᠨ ᠠᠭᠤᠯᠭ᠎ᠠ ᠪᠠᠷ ᠲᠦᠯᠬᠢᠭᠦᠦ ᠬᠥᠭᠵᠢᠭᠦᠯᠬᠦ ᠨᠥᠭᠡᠴᠡ ᠂ ᠪᠣᠯᠤᠮᠵᠢ ᠨᠤᠭᠤᠳ ᠤᠨ ᠲᠠᠯ᠎ᠠ ᠪᠡᠷ ᠰᠠᠨᠠᠯ ᠰᠤᠯᠢᠯᠴᠠᠯ᠎ᠠ ᠃

ᠲᠤᠬᠠᠢᠢᠯᠠᠪᠠᠯ ᠂ ᠠᠮᠧᠷᠢᠺᠠ ᠵᠢᠨ ᠺᠣᠩᠭᠷᠸᠰ ᠲᠤ ᠡᠷᠭᠦᠨ ᠪᠠᠷᠢᠭᠠᠳ ᠪᠤᠢ ᠭᠤᠷᠪᠠᠳᠠᠬᠴᠢ ᠬᠥᠷᠰᠢ ᠵᠢᠨ ᠬᠤᠳᠠᠯᠳᠤᠭᠠᠨ ᠪ ᠬᠠᠤᠯᠢ ᠵᠢᠨ ᠲᠥᠰᠦᠯ ᠨᠢ ᠬᠤᠶᠠᠷ ᠣᠷᠤᠨ ᠪ ᠬᠤᠳᠠᠯᠳᠤᠭᠠᠨ ᠪ ᠡᠷᠭᠢᠯᠲᠡ ᠵᠢ ᠨᠡᠮᠡᠭᠳᠡᠭᠦᠯᠬᠦ ᠂ ᠣᠶᠤᠳᠠᠯ ᠪᠣᠯᠤᠨ ᠰᠦᠯᠵᠢᠮᠡᠯ ᠤᠨ ᠰᠠᠯᠪᠤᠷᠢ ᠵᠢᠨ ᠬᠥᠭᠵᠢᠯ ᠊ᠢ ᠤᠷᠤᠬᠰᠢᠯᠠᠭᠤᠯᠬᠤ ᠂ ᠡᠮᠡᠭᠲᠡᠢᠢᠴᠦᠳ ᠤᠨ ᠠᠵᠢᠯ ᠡᠷᠬᠢᠯᠡᠯᠲᠡ ᠵᠢ ᠳᠡᠮᠵᠢᠬᠦ ᠴᠢᠬᠤᠯᠠ ᠠᠴᠢ ᠬᠤᠯᠪᠣᠬᠳᠠᠯ ᠲᠠᠢ ᠪᠣᠯᠬᠤ ᠲᠠᠯ᠎ᠠ ᠪᠡᠷ ᠶᠠᠷᠢᠯᠴᠠᠵᠤ ᠂ ᠡᠨᠡ ᠴᠢᠭᠯᠡᠯ ᠳ᠋ᠦ ᠪᠣᠯᠤᠨ ᠮᠤᠩᠭᠤᠯ ᠠᠮᠸᠷᠢᠺᠠ  ᠵᠢᠨ ᠰᠲ᠋ᠷᠠᠲ᠋ᠸᠬᠢ ᠵᠢᠨ ᠲᠦᠩᠰᠢᠯᠡᠯ ᠊ᠢ ᠥᠷᠭᠡᠨ ᠬᠦᠷᠢᠶᠡᠨ ᠳ᠋ᠦ ᠬᠥᠭᠵᠢᠭᠦᠯᠬᠦ ᠵᠢᠨ ᠲᠥᠯᠦᠭᠡ ᠬᠠᠮᠲᠤᠷᠠᠨ ᠠᠵᠢᠯᠯᠠᠬᠤ ᠳᠦ ᠪᠡᠯᠡᠨ ᠪᠠᠢᠢᠭ᠎ᠠ ᠪᠠᠨ ᠬᠠᠷᠢᠯᠴᠠᠨ ᠢᠯᠡᠷᠬᠡᠢᠢᠯᠡᠪᠡ ᠃ ᠶᠠᠷᠢᠶᠠᠨ ᠪ ᠲᠡᠭᠦᠰᠬᠡᠯ ᠳ᠋ᠦ ᠂ ᠶᠡᠷᠦᠩᠬᠡᠢᠢᠯᠡᠭᠴᠢ ᠬᠠᠯᠲᠠᠮ᠎ᠠ ᠵᠢᠨ ᠪᠠᠲᠤᠲᠤᠯᠭ᠎ᠠ ᠠᠮᠧᠷᠢᠺᠠ ᠵᠢᠨ ᠶᠡᠷᠦᠩᠬᠡᠢᠢᠯᠡᠭᠴᠢ ᠳ᠋ᠤᠨᠠᠯᠳ᠋ ᠲᠷᠠᠮᠫ ᠲᠤ ᠬᠠᠯᠠᠭᠤᠨ ᠳᠤᠲᠤᠨᠣ ᠮᠡᠨᠳᠦᠴᠢᠯᠡᠭᠡ ᠳᠡᠪᠰᠢᠭᠦᠯᠵᠦ ᠂ ᠨᠤᠶᠠᠨ ᠶᠡᠷᠦᠩᠬᠡᠢᠢᠯᠡᠭᠴᠢ ᠪᠣᠯᠤᠨ ᠲᠡᠷᠢᠭᠦᠨ ᠬᠠᠲᠤᠬᠲᠠᠢ ᠨᠠᠷ ᠊ᠢ ᠲᠦᠷᠭᠡᠨ ᠡᠳᠡᠭᠡᠬᠦ ᠵᠢ ᠬᠦᠰᠡᠵᠦ ᠪᠠᠢᠢᠭ᠎ᠠ ᠵᠢ ᠮᠤᠩᠭᠤᠯ ᠤᠨ ᠠᠷᠠᠳ ᠲᠦᠮᠡᠨ ᠪ ᠡᠮᠦᠨ᠎ᠡ ᠡᠴᠡ ᠤᠯᠠᠮᠵᠢᠯᠠᠵᠤ ᠥᠭᠬᠦ ᠵᠢ ᠬᠦᠰᠡᠯ᠎ᠡ ᠃

 

ᠰᠡᠳᠬᠢᠭᠳᠡᠯ ᠦᠯᠡᠳᠡᠭᠡᠬᠦ