ᠪᠠᠷᠠᠭᠤᠨ ᠪᠦᠰᠡ ᠨᠤᠲᠤᠭ ᠲᠠᠬᠢ ᠱᠠᠰᠢᠨ ᠪ ᠨᠥᠬᠥᠴᠡᠯ ᠪᠠᠢᠢᠳᠠᠯ ᠢ ᠬᠡᠯᠡᠯᠴᠡᠪᠡ | News.MN

ᠪᠠᠷᠠᠭᠤᠨ ᠪᠦᠰᠡ ᠨᠤᠲᠤᠭ ᠲᠠᠬᠢ ᠱᠠᠰᠢᠨ ᠪ ᠨᠥᠬᠥᠴᠡᠯ ᠪᠠᠢᠢᠳᠠᠯ ᠢ ᠬᠡᠯᠡᠯᠴᠡᠪᠡ

ᠮᠤᠩᠭᠤᠯ ᠤᠯᠤᠰ ᠤᠨ ᠪᠠᠷᠠᠭᠤᠨ ᠪᠦᠰᠡ ᠨᠤᠲᠤᠭ ᠲᠠᠬᠢ ᠱᠠᠰᠢᠨ ᠪ ᠨᠥᠬᠥᠴᠡᠯ ᠪᠠᠢᠢᠳᠠᠯ ᠰᠡᠳᠦᠪᠲᠦ ᠡᠷᠳᠡᠮ ᠰᠢᠨᠵᠢᠯᠡᠭᠡᠨ ᠪ ᠠᠩᠬᠠᠳᠤᠭᠠᠷ ᠬᠤᠷᠠᠯ ᠥᠴᠦᠭᠡᠳᠦᠷ ᠬᠤᠪᠲᠤ ᠠᠢᠢᠮᠠᠭ ᠲᠤ ᠪᠣᠯᠤᠯ᠎ᠠ ᠃ ᠲᠤᠰ ᠬᠤᠷᠠᠯ  ᠳ᠋ᠦ ᠤᠯᠠᠮᠵᠢᠯᠠᠯᠲᠤ ᠪᠣᠯᠤᠨ ᠤᠯᠠᠮᠵᠢᠯᠠᠯᠲᠤ ᠪᠤᠰᠤ ᠱᠠᠰᠢᠨ ᠪ ᠳᠠᠬᠢᠨ ᠰᠡᠷᠭᠦᠯᠲᠡ ᠂ ᠨᠡᠪᠴᠢᠯᠲᠡ ᠂ ᠦᠢᠯᠡ ᠠᠵᠢᠯᠯᠠᠭ᠎ᠠ ᠂ ᠪᠦᠰᠡ ᠨᠤᠲᠤᠭ  ᠤᠨ ᠨᠡᠢᠢᠭᠡᠮ ᠂ ᠰᠤᠶᠤᠯ ᠳᠤ ᠨᠥᠯᠦᠭᠡᠯᠡᠵᠦ ᠪᠤᠢ ᠨᠥᠯᠦᠭᠡᠯᠡᠯ ᠂ ᠲᠥᠷᠦ ᠡᠴᠡ ᠱᠠᠰᠢᠨ ᠪ ᠲᠠᠯ᠎ᠠ ᠪᠡᠷ ᠪᠠᠷᠢᠮᠲᠠᠯᠠᠵᠤ ᠪᠤᠢ ᠪᠣᠳᠤᠯᠭ᠎ᠠ ᠂ ᠬᠡᠷᠡᠭᠵᠢᠯᠲᠡ ᠂ ᠲᠤᠯᠭᠠᠮᠳᠠᠵᠤ ᠪᠤᠢ ᠠᠰᠠᠭᠤᠳᠠᠯ ᠵᠡᠷᠭᠡ 10 ᠭᠠᠷᠤᠢ ᠰᠡᠳᠦᠪ ᠵᠢᠨᠷ ᠢᠯᠡᠳᠬᠡᠯ ᠬᠡᠯᠡᠯᠴᠡᠪᠡ ᠃

ᠮᠥᠨ ᠤᠷᠤᠯᠴᠠᠭᠰᠠᠳ ᠱᠠᠰᠢᠨ ᠪ ᠨᠥᠬᠥᠴᠡᠯ ᠪᠠᠢᠢᠳᠠᠯ  ᠤᠨ ᠲᠠᠯ᠎ᠠ ᠪᠡᠷ ᠬᠢᠵᠦ ᠪᠤᠢ ᠰᠤᠳᠤᠯᠭᠠᠨ᠂ ᠪᠠᠷᠠᠭᠤᠨ ᠪᠦᠰᠡ ᠨᠤᠲᠤᠭ ᠲᠠᠢ ᠬᠢᠯᠢᠯᠡᠵᠦ ᠪᠤᠢ ᠣᠷᠤᠰ ᠂ ᠬᠢᠲᠠᠳ ᠤᠨ ᠱᠠᠰᠢᠨ ᠪ ᠨᠥᠬᠥᠴᠡᠯ ᠪᠠᠢᠢᠳᠠᠯ ᠂ ᠪᠣᠳᠤᠯᠭ᠎ᠠ ᠂ ᠪᠠᠷᠠᠭᠤᠨ ᠮᠤᠩᠭᠤᠯ ᠤᠨ ᠬᠤᠲᠤᠬᠲᠤ ᠬᠤᠪᠢᠯᠭᠠᠳ ᠤᠨ ᠲᠡᠦᠬᠡ ᠂ ᠨᠠᠮᠲᠠᠷ ᠲᠠᠢ ᠬᠤᠯᠪᠣᠭᠠᠲᠠᠢ ᠠᠰᠠᠭᠤᠳᠠᠯ ᠵᠢᠨᠷ ᠮᠡᠳᠡᠭᠡᠯᠡᠯ ᠰᠤᠯᠢᠯᠴᠠᠬᠰᠠᠨ ᠠᠵᠠᠢ᠃

 

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

Нэргүй 2020-09-28 202.131.233.190

ᠲᠡᠨᠡᠭᠯᠡᠯ