ᠠᠬ᠎ᠠ ᠂ ᠳᠡᠭᠦᠦ ᠬᠤᠶᠠᠷ ᠰᠤᠷᠤᠬᠴᠢ ᠵᠢ ︽ᠰᠢᠳᠤᠷᠭᠤ ᠵᠢᠷᠤᠮ︾ᠮᠧᠳᠠᠯ ᠵᠢᠨᠷ ᠱᠠᠩᠨᠠᠯ᠎ᠠ | News.MN

ᠠᠬ᠎ᠠ ᠂ ᠳᠡᠭᠦᠦ ᠬᠤᠶᠠᠷ ᠰᠤᠷᠤᠬᠴᠢ ᠵᠢ ︽ᠰᠢᠳᠤᠷᠭᠤ ᠵᠢᠷᠤᠮ︾ᠮᠧᠳᠠᠯ ᠵᠢᠨᠷ ᠱᠠᠩᠨᠠᠯ᠎ᠠ

ᠮᠤᠩᠭᠤᠯ ᠤᠯᠤᠰ ᠦᠨ ᠶᠡᠷᠦᠩᠬᠡᠢᠢᠯᠡᠭᠴᠢ ᠬᠠᠯᠲᠠᠮ᠎ᠠ ᠵᠢᠨ ᠪᠠᠲᠤᠲᠤᠯᠭ᠎ᠠ ᠵᠠᠷᠯᠢᠭ ᠭᠠᠷᠭᠠᠵᠤ ᠂ ᠥᠪᠥᠷᠬᠠᠩᠭᠠᠢ ᠠᠢᠢᠮᠠᠭ ᠤᠨ ᠠᠷᠪᠠᠢ ᠬᠡᠭᠡᠷ᠎ᠡ ᠰᠤᠮᠤ ᠵᠢᠨ ᠶᠡᠷᠦᠩᠬᠡᠢ ᠪᠣᠯᠪᠠᠰᠤᠷᠠᠯ ᠤᠨ ᠨᠢᠭᠡᠳᠦᠭᠡᠷ ᠰᠤᠷᠭᠠᠭᠤᠯᠢ ᠵᠢᠨ ᠰᠤᠷᠤᠬᠴᠢ ᠪᠠᠲᠤᠰᠦ᠋ᠬᠡ ᠵᠢᠨ ᠭᠤᠷᠪᠠᠨᠰᠠᠢᠬᠠᠨ ᠂ ᠪᠠᠲᠤᠰᠦ᠋ᠬᠡ ᠵᠢᠨ ᠭᠠᠯᠪᠠᠳᠠᠷᠠᠬᠤ ᠨᠠᠷ ᠊ᠢ ︽ᠰᠢᠳᠤᠷᠭᠤ ᠵᠢᠷᠤᠮ︾ᠮᠧᠳᠠᠯ ᠵᠢᠨᠷ ᠱᠠᠩᠨᠠᠯ᠎ᠠ ᠃

2020 ᠣᠨ ᠪ ᠳᠤᠯᠤᠳᠤᠭᠠᠷ ᠰᠠᠷ᠎ᠠ ᠵᠢᠨ ᠬᠤᠶᠠᠷ  ᠲᠤ ᠥᠪᠥᠷᠬᠠᠩᠭᠠᠢ ᠠᠢᠢᠮᠠᠭ ᠤᠨ ᠶᠢᠰᠦᠨ ᠵᠦᠢᠯ ᠰᠤᠮᠤ ᠵᠢᠨ 3 ᠳ᠋ᠤᠭᠠᠷ ᠪᠠᠭ  ᠲᠤ ᠣᠷᠤᠬᠰᠠᠨ ᠬᠦᠴᠦᠲᠡᠢ ᠮᠥᠨᠳᠦᠷ ᠂ ᠠᠭᠠᠳᠠᠷ ᠪᠣᠷᠤᠭᠠᠨ ᠪ ᠤᠯᠠᠮ ᠡᠴᠠ ᠮᠠᠯᠴᠢᠨ ᠯ᠊·ᠪᠠᠲᠤᠵᠢᠷᠭᠠᠯ  ᠤᠨ ᠭᠡᠷ ᠦᠶᠡᠷ ᠲᠦ ᠠᠪᠲᠠᠬᠰᠠᠨ ᠪᠠᠢᠢᠨ᠎ᠠ ᠃ ᠯ᠊·ᠪᠠᠲᠤᠵᠢᠷᠭᠠᠯ  ᠤᠨ ᠳᠤ ᠠᠮᠠᠷᠠᠬᠤ ᠪᠠᠷ ᠣᠴᠢᠭᠠᠳ ᠪᠠᠢᠢᠬᠰᠠᠨ 15 ᠨᠠᠰᠤᠲᠠᠢ  ᠭᠤᠷᠪᠠᠨᠰᠠᠢᠬᠠᠨ ᠂ 13 ᠨᠠᠰᠤᠲᠠᠢ ᠭᠠᠯᠪᠠᠳᠠᠷᠠᠬᠤ ᠨᠠᠷ ᠨᠢ ᠭᠡᠷ ᠊ᠢ ᠨᠤᠷᠠᠭᠠᠬᠤ ᠦᠭᠡᠢ ᠪᠠᠢᠢᠬᠤ ᠠᠷᠭ᠎ᠠ ᠬᠡᠮᠵᠢᠶ᠎ᠡ ᠠᠪᠴᠤ ᠂ ᠭᠡᠷ ᠲᠦ ᠪᠠᠢᠢᠬᠰᠠᠨ 2 ᠂ 3 ᠨᠠᠰᠤᠨ ᠪ ᠬᠡᠦᠬᠡᠳ  ᠊ᠢ ᠤᠰᠤᠨ ᠡᠴᠠ ᠬᠠᠮᠠᠭᠠᠯᠠᠵᠤ ᠂ ᠦᠶᠡᠷ ᠲᠦ ᠠᠪᠲᠠᠬᠰᠠᠨ ᠭᠡᠷ ᠡᠴᠡ ᠡᠰᠡᠨ ᠮᠡᠨᠳᠦ ᠭᠠᠷᠭᠠᠵᠠᠢ ᠃

45 ᠮᠢᠨᠦ᠋ᠲ  ᠤᠨ ᠲᠤᠷᠰᠢ ᠦᠷᠭᠦᠯᠵᠢᠯᠡᠭᠰᠡᠨ ᠬᠦᠴᠦᠲᠡᠢ ᠠᠭᠠᠳᠠᠷ ᠪᠣᠷᠤᠭ᠎ᠠ ᠂ ᠦᠶᠡᠷ  ᠤᠨ ᠤᠷᠤᠰᠬᠠᠯ ᠲᠠᠢ ᠲᠡᠮᠡᠴᠡᠯᠳᠦᠨ ᠪᠤᠰᠤᠳ ᠤᠨ ᠠᠮᠢ ᠨᠠᠰᠤ ᠵᠢ ᠠᠶᠤᠯ ᠡᠴᠠ ᠵᠠᠢᠢᠯᠠᠭᠤᠯᠬᠤ ᠵᠢᠨ ᠲᠥᠯᠦᠭᠡ ᠴᠢᠷᠮᠠᠢᠢᠨ ᠵᠢᠳᠬᠦᠭᠰᠡᠨ ᠬᠤᠶᠠᠷ ᠬᠦᠦ ᠳᠦ ᠡᠷ᠎ᠡ ᠵᠤᠷᠢᠭ᠂ ᠰᠢᠳᠤᠷᠭᠤ ᠵᠠᠩ ᠴᠢᠨᠠᠷ  ᠤᠨ ᠬᠢᠨᠢ ᠲᠥᠯᠦᠭᠡ ᠂ ᠬᠡᠦᠬᠡᠳ ᠤᠨ ᠠᠮᠢ ᠨᠠᠰᠤ ᠵᠢ ᠠᠶᠤᠯ ᠡᠴᠠ ᠠᠪᠤᠷᠠᠬᠰᠠᠨ ᠪ ᠬᠢᠨᠢ ᠲᠥᠯᠦᠭᠡ ᠲᠠᠯᠠᠷᠬᠠᠯ ᠢᠯᠡᠷᠬᠡᠢᠢᠯᠡᠵᠦ ᠂ ︽ᠰᠢᠳᠤᠷᠭᠤ ᠵᠢᠷᠤᠮ︾ᠮᠧᠳᠠᠯ ᠭᠠᠷᠳᠠᠭᠤᠯᠵᠤ ᠪᠠᠢᠢᠭ᠎ᠠ ᠶᠤᠮ ᠃

ᠰᠡᠳᠬᠢᠭᠳᠡᠯ ᠦᠯᠡᠳᠡᠭᠡᠬᠦ