ᠪᠣᠬᠳᠠ ᠬᠠᠭᠠᠨ ᠪ ᠳᠤᠷᠠᠰᠬᠠᠯ ᠦᠨ ᠴᠡᠴᠡᠷᠯᠢᠭᠲᠦ ᠬᠦᠷᠢᠶᠡᠯᠡᠩ ᠊ᠢ ᠨᠡᠭᠡᠭᠡᠯ᠎ᠡ | News.MN

ᠪᠣᠬᠳᠠ ᠬᠠᠭᠠᠨ ᠪ ᠳᠤᠷᠠᠰᠬᠠᠯ ᠦᠨ ᠴᠡᠴᠡᠷᠯᠢᠭᠲᠦ ᠬᠦᠷᠢᠶᠡᠯᠡᠩ ᠊ᠢ ᠨᠡᠭᠡᠭᠡᠯ᠎ᠡ

 

ᠪᠣᠬᠳᠠ ᠬᠠᠭᠠᠨ ᠪ ᠣᠷᠳᠤᠨ ᠮᠦᠽᠧᠢ ᠵᠢᠨ ᠳᠡᠷᠭᠡᠳᠡᠬᠢ 1.4 ᠭᠠ ᠭᠠᠵᠠᠷ ᠲᠤ ᠪᠠᠢᠢᠭᠤᠯᠤᠬᠰᠠᠨ ᠪᠣᠬᠳᠠ ᠬᠠᠭᠠᠨ ᠪ ᠳᠤᠷᠠᠰᠬᠠᠯ  ᠤᠨ ᠴᠡᠴᠡᠷᠯᠢᠭᠲᠦ ᠬᠦᠷᠢᠶᠡᠯᠡᠩ ᠤᠨ ᠨᠡᠭᠡᠭᠡᠯᠲᠡ ᠪᠣᠯᠤᠯ᠎ᠠ ᠃ ᠪᠣᠬᠳᠠ ᠬᠠᠭᠠᠨ ᠪ 4.3 ᠮᠧᠲ᠋ᠷ ᠥᠨᠳᠦᠷ ᠬᠥᠰᠢᠶ᠎ᠡ ᠪᠦᠬᠦᠢ ᠡᠨᠡ ᠬᠦᠷᠢᠶᠡᠯᠡᠩ ᠳ᠋ᠦ ︽ᠬᠠᠭᠠᠨ ᠪ ᠯᠦᠩᠳᠦ᠋ᠩ︾ ᠂ ︽ᠮᠥᠩᠬᠡ ᠲᠡᠭᠷᠢ ᠵᠢᠨ ᠬᠦᠴᠦᠨ ᠳ᠋ᠤᠷ︾ ᠂ ︽ᠮᠥᠩᠬᠡ ᠲᠡᠭᠷᠢ ᠵᠢᠨ ᠳᠤᠷᠠᠰᠬᠠᠯᠲᠤ ᠶᠢᠰᠦᠨ ᠬᠥᠰᠢᠶ᠎ᠡ︾ ᠵᠢ ᠵᠠᠯᠠᠵᠤ ᠂ ᠶᠠᠪᠠᠭᠠᠨ ᠬᠥᠮᠦᠨ ᠪ ᠵᠠᠮ ᠂ ᠲᠠᠯᠠᠪᠠᠢ ᠂ ᠨᠤᠭᠤᠭᠠᠨ ᠪᠠᠢᠢᠭᠤᠯᠤᠮᠵᠢ ᠂ ᠭᠡᠷᠡᠯᠲᠦᠭᠦᠯᠭᠡ ᠂ ᠤᠰᠤᠯᠠᠭᠠᠨ ᠪ ᠪᠣᠯᠤᠨ ᠤᠰᠤ ᠵᠠᠢᠢᠯᠠᠭᠤᠯᠬᠤ ᠰᠢᠰᠲ᠋ᠧᠮ ᠊ᠢ ᠴᠤᠬᠴᠠ ᠪᠠᠷ ᠨᠢ ᠬᠢᠭᠰᠡᠨ ᠪᠠᠢᠢᠨ᠎ᠠ ᠃

ᠨᠡᠭᠡᠭᠡᠯᠲᠡ ᠳ᠋ᠦ ᠮᠤᠩᠭᠤᠯ ᠤᠯᠤᠰ  ᠦᠨ ᠶᠡᠷᠦᠩᠬᠡᠢ ᠰᠠᠢᠢᠳ ᠤ᠊ · ᠬᠦᠷᠡᠯᠰᠦ᠋ᠬᠡ ᠣᠷᠤᠯᠴᠠᠯ᠎ᠠ ᠃ ᠲᠡᠷᠡ ᠪᠡᠷ ᠮᠤᠩᠭᠤᠯ ᠭᠡᠵᠦ ᠲᠤᠳᠤᠳᠬᠠᠵᠤ ᠪᠣᠯᠬᠤ ᠰᠤᠶᠤᠯ ᠊ᠢ ᠰᠤᠳᠤᠯᠵᠤ ᠰᠢᠨᠵᠢᠯᠡᠨ ᠂ ᠥᠪᠯᠡᠨ ᠤᠯᠠᠮᠵᠢᠯᠠᠵᠤ ᠂ ᠲᠦᠭᠡᠭᠡᠨ ᠳᠡᠯᠭᠡᠷᠡᠭᠦᠯᠦᠭᠰᠡᠨ ᠂ ᠳᠡᠯᠡᠬᠡᠢ ᠵᠢᠨ ᠣᠯᠠᠨ ᠲᠠᠯᠠᠲᠤ ᠰᠤᠶᠤᠯ ᠊ᠢ ᠬᠦᠨᠳᠦᠳᠬᠡᠭᠰᠡᠨ ᠲᠡᠢᠢᠮᠦ ᠢᠷᠡᠭᠡᠳᠦᠢ ᠵᠢ ᠴᠤᠬᠴᠠᠯᠠᠬᠤ ᠡᠭᠦᠷᠭᠡ ᠨᠢ ᠲᠥᠷᠦ ᠵᠢᠨ ᠲᠡᠳᠦᠢ ᠦᠭᠡᠢ ᠮᠤᠩᠭᠤᠯ ᠬᠥᠮᠦᠨ ᠪᠦᠷᠢ ᠵᠢᠨ ᠡᠭᠦᠷᠭᠡ ᠪᠠᠢᠢᠬᠤ ᠤᠴᠢᠷᠲᠠᠢ ᠭᠡᠳᠡᠭ ᠊ᠢ ᠲᠡᠮᠳᠡᠭᠯᠡᠪᠡ ᠃  ᠵᠠᠰᠠᠭ  ᠤᠨ ᠭᠠᠵᠠᠷ ︽ᠴᠢᠩᠭᠢᠰ ᠬᠠᠭᠠᠨ︾ᠮᠦᠽᠧᠢ ᠂ ᠪᠠᠢᠢᠭᠠᠯᠢ ᠵᠢᠨ ᠲᠡᠦᠬᠡ ᠵᠢᠨ ᠮᠦᠽᠧᠢ ᠂ ᠦᠨᠳᠦᠰᠦᠨ ᠪ ᠨᠤᠮ ᠤᠨ ᠰᠠᠩ ᠂ ᠦᠨᠳᠦᠰᠦᠨ ᠪ ᠤᠷᠠᠯᠢᠭ ᠤᠨ ᠶᠡᠬᠡ ᠲᠢᠶᠠᠲ᠋ᠷ  ᠤᠨ ᠰᠢᠨ᠎ᠡ ᠪᠠᠷᠢᠯᠭ᠎ᠠ ᠵᠢ ᠢᠷᠡᠬᠦ ᠵᠢᠯ ᠤᠳ ᠲᠦ ᠡᠬᠢᠨ ᠡᠴᠡ ᠨᠢ ᠠᠰᠢᠬᠯᠠᠯᠲᠠ ᠳᠤ ᠣᠷᠤᠭᠤᠯᠤᠨ᠎ᠠ ᠃ ᠪᠣᠬᠳᠠ ᠬᠠᠭᠠᠨ ᠪ ᠣᠷᠳᠤᠨ ᠮᠦᠽᠧᠢ ᠵᠢᠨ ᠥᠩᠭᠡ ᠲᠥᠷᠬᠦ ᠵᠢ ᠴᠦ ᠵᠠᠰᠠᠵᠤ ᠰᠠᠢᠢᠵᠢᠷᠠᠭᠤᠯᠤᠨ᠎ᠠ ᠂ ᠰᠤᠶᠤᠯ ᠤᠨ ᠣᠯᠠᠨ ᠲᠠᠯᠠᠲᠤ ᠦᠢᠯᠡ ᠠᠵᠢᠯᠯᠠᠭ᠎ᠠ ᠵᠢ ᠣᠨᠴᠠᠭᠠᠢᠢᠯᠠᠨ ᠳᠡᠮᠵᠢᠵᠦ ᠂ ᠠᠷᠠᠳ ᠢᠷᠭᠡᠳ ᠵᠢᠨᠨ ᠰᠤᠶᠤᠨ ᠭᠡᠭᠡᠷᠡᠭᠦᠯᠬᠦ ᠠᠵᠢᠯ ᠵᠢᠨᠨ ᠡᠷᠴᠢᠮᠵᠢᠭᠦᠯᠦᠨ᠎ᠡ  ᠭᠡᠪᠡ ᠃

ᠪᠣᠬᠳᠠ ᠬᠠᠭᠠᠨ ᠪ ᠬᠥᠰᠢᠶ᠎ᠡ ᠄  ᠲᠥᠷᠦ ᠶᠤᠰᠤᠨ ᠪ ᠬᠤᠪᠴᠠᠰᠤ ᠲᠠᠢ ᠂ ᠡᠷᠳᠡᠨᠢ ᠵᠢᠨ ᠠᠯᠲᠠᠨ ᠸᠴᠢᠷ ᠲᠠᠢ ᠂ ᠳᠥᠷᠪᠡᠨ ᠲᠠᠯᠠᠲᠤ ᠲᠢᠲᠢᠮ ᠊ᠢ ᠲᠡᠷᠢᠭᠦᠨ ᠳ᠋ᠦ ᠪᠡᠨ ᠵᠠᠯᠠᠵᠤ ᠂ ᠪᠠᠷᠠᠭᠤᠨ ᠂ ᠵᠡᠭᠦᠨ ᠮᠥᠷᠦᠨ ᠳᠡᠭᠡᠷ᠎ᠡ ᠪᠡᠨ ᠨᠠᠷᠠᠨ ᠂ ᠰᠠᠷᠠᠨ ᠭᠡᠰᠡᠨ ᠪᠢᠴᠢᠭᠡᠰᠦ ᠪᠦᠬᠦᠢ ᠴᠢᠮᠡᠭ ᠲᠠᠢ ᠂ ᠮᠤᠷᠢᠨ ᠬᠦᠷᠮ᠎ᠡ ᠳ᠋ᠦ ᠪᠡᠨ ᠠᠯᠲᠠᠨ ᠰᠤᠶᠤᠩᠪᠤ ᠂ ᠬᠦᠷᠳᠦ ᠠᠰᠠᠭᠠᠵᠤ ᠂ ᠪᠠᠷᠠᠭᠤᠨ ᠭᠠᠷ ᠲᠦ ᠪᠡᠨ ᠭᠤᠷᠪᠠᠨ ᠲᠠᠯ᠎ᠠ ᠪᠦᠬᠦᠢ ᠠᠯᠪᠠᠨ ᠰᠤᠶᠤᠩᠪᠤ ᠡᠷᠭᠦᠵᠦ ᠂ ᠰᠦᠩ ᠳᠠᠯᠠᠢ ᠂ ᠰᠦᠮᠪᠦᠷ ᠠᠭᠤᠯᠠᠰ ᠂ ᠭᠦᠨ ᠴᠡᠩᠬᠡᠷ ᠣᠬᠲᠠᠷᠭᠤᠢ ᠶᠢᠷᠲᠢᠨᠴᠦ ᠵᠢ ᠪᠡᠯᠭᠡᠳᠡᠭᠰᠡᠨ ᠳᠡᠪᠡᠯ ᠡᠮᠦᠰᠦᠨ ᠂ ᠠᠯᠤᠰ ᠬᠤᠯᠠ ᠵᠢ ᠬᠠᠷᠠᠨ ᠂ ᠦᠯᠦ ᠶᠠᠯᠢᠭ ᠤᠷᠤᠬᠰᠢ ᠲᠡᠮᠡᠦᠯᠦᠨ ᠠᠯᠬᠤᠵᠤ ᠪᠠᠢᠢᠭ᠎ᠠ ᠪᠡᠷ ᠪᠦᠲᠦᠭᠡᠵᠡᠢ ᠃ ᠡᠨᠡ ᠨᠢ ᠮᠤᠩᠭᠤᠯ ᠤᠯᠤᠰ  ᠤᠨ ᠲᠤᠰᠠᠭᠠᠷ ᠲᠤᠬᠲᠠᠨᠢᠯ ᠂ ᠦᠨᠳᠦᠰᠦᠨ ᠪ ᠡᠷᠬᠡ ᠴᠢᠯᠦᠭᠡ ᠂ ᠮᠤᠩᠭᠤᠯ ᠦᠨᠳᠦᠰᠦᠲᠡᠨ ᠡᠭᠦᠷᠢᠳᠡ ᠮᠠᠨᠳᠤᠨ ᠪᠠᠳᠠᠷᠠᠬᠤ ᠵᠢ ᠪᠡᠯᠭᠡᠳᠡᠭᠰᠡᠨ ᠪᠠᠢᠢᠨ᠎ᠠ ᠃

ᠰᠡᠳᠬᠢᠭᠳᠡᠯ ᠦᠯᠡᠳᠡᠭᠡᠬᠦ