ᠡᠵᠡᠷᠬᠡᠬᠦ ᠪᠤᠰᠤ ᠂ ᠡᠪᠰᠡᠨ ᠡᠪᠯᠡᠯᠳᠦᠬᠦ ᠶᠢᠨ ᠲᠥᠯᠦᠭᠡ ᠣᠶᠤᠨ ᠤᠬᠠᠭᠠᠨ ᠵᠢᠨᠨ ᠨᠢᠭᠡᠳᠬᠡᠮᠡᠷ | News.MN

ᠡᠵᠡᠷᠬᠡᠬᠦ ᠪᠤᠰᠤ ᠂ ᠡᠪᠰᠡᠨ ᠡᠪᠯᠡᠯᠳᠦᠬᠦ ᠶᠢᠨ ᠲᠥᠯᠦᠭᠡ ᠣᠶᠤᠨ ᠤᠬᠠᠭᠠᠨ ᠵᠢᠨᠨ ᠨᠢᠭᠡᠳᠬᠡᠮᠡᠷ

 

ᠠᠮᠧᠷᠢᠺᠠ ᠵᠢᠨ ᠨᠢᠦ᠋ ᠶᠤᠷᠺ ᠬᠤᠲᠠᠨ᠎ᠠ ᠶᠢᠰᠦᠳᠦᠭᠡᠷ ᠰᠠᠷ᠎ᠠ ᠵᠢᠨ 22 – 29  ᠳᠦ ᠦᠷᠭᠦᠯᠵᠢᠯᠡᠵᠦ ᠪᠤᠢ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠶᠡᠷᠦᠩᠬᠡᠢ  ᠠᠰᠰᠠᠮᠪᠯᠸ ᠶᠢᠨ 75 ᠳ᠋ᠤᠭᠠᠷ ᠴᠢᠭᠤᠯᠭᠠᠨ ᠪ ᠶᠡᠷᠦᠩᠬᠡᠢ ᠰᠠᠨᠠᠯ ᠰᠢᠭᠦᠮᠵᠢᠯᠡᠯ ᠳ᠋ᠦ ᠮᠤᠩᠭᠤᠯ ᠤᠯᠤᠰ  ᠤᠨ ᠶᠡᠷᠦᠩᠬᠡᠢᠢᠯᠡᠭᠴᠢ ᠬ᠊ · ᠪᠠᠲᠤᠲᠤᠯᠭ᠎ᠠ ᠴᠠᠬᠢᠮ ᠵᠢᠨᠷ ᠣᠷᠤᠯᠴᠠᠵᠤ ᠂ ᠦᠭᠡ ᠬᠡᠯᠡᠯ᠎ᠡ᠄

ᠨᠤᠶᠠᠨ ᠴᠢᠭᠤᠯᠭᠠᠨ ᠪ ᠳᠠᠷᠤᠭ᠎ᠠ ᠠ᠋ ᠂ ᠨᠤᠶᠠᠨ ᠶᠡᠷᠦᠩᠬᠡᠢ ᠨᠠᠷᠢᠨ ᠪᠢᠴᠢᠭ  ᠤᠨ ᠳᠠᠷᠤᠭ᠎ᠠ ᠠ᠋ ᠂ ᠡᠷᠬᠢᠮ ᠬᠦᠨᠳᠦᠲᠦ ᠲᠥᠯᠦᠭᠡᠯᠡᠭᠴᠢᠳ ᠡ ᠂ ᠬᠠᠲᠤᠬᠲᠠᠢ ᠂ ᠨᠤᠶᠠᠳ ᠡ ᠂

ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠶᠡᠷᠦᠩᠬᠡᠢ ᠠᠰᠰᠠᠮᠪᠯᠸ ᠶᠢᠨ ᠴᠢᠭᠤᠯᠭᠠᠨ ᠪ ᠳᠠᠷᠤᠭ᠎ᠠ ᠪᠡᠷ ᠰᠤᠩᠭᠤᠬᠳᠠᠨ ᠠᠵᠢᠯᠯᠠᠵᠤ ᠪᠤᠢ ᠲᠠᠨ ᠳᠤ ᠴᠢᠩ ᠰᠡᠳᠬᠢᠯ ᠤᠨ ᠪᠠᠶᠠᠷ ᠬᠦᠷᠭᠡᠶ᠎ᠡ ᠃ ᠮᠠᠨ ᠪ ᠲᠥᠯᠦᠭᠡᠯᠡᠭᠴᠢᠳ ᠲᠠᠨ ᠊ᠢ ᠡᠨᠡ ᠬᠦ ᠬᠠᠷᠢᠭᠤᠴᠠᠯᠭ᠎ᠠ ᠲᠠᠢ ᠠᠵᠢᠯ ᠡᠭᠦᠷᠭᠡ ᠪᠡᠨ ᠭᠦᠢᠴᠡᠳᠬᠡᠬᠦ ᠳ᠋ᠦ ᠪᠦᠷᠢᠨ ᠳᠡᠮᠵᠢᠵᠦ ᠠᠵᠢᠯᠯᠠᠬᠤ ᠪᠣᠯᠤᠨ᠎ᠠ ᠃ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ 75 ᠵᠢᠯ  ᠤᠨ ᠣᠢ ᠵᠢ ᠭᠡᠰᠢᠭᠦᠨ ᠣᠷᠤᠨ ᠨᠤᠭᠤᠳ ᠪᠠᠬᠠᠷᠬᠠᠯ ᠲᠠᠢ ᠪᠠᠷ ᠲᠡᠮᠳᠡᠭᠯᠡᠵᠦ ᠪᠠᠢᠢᠨ᠎ᠠ ᠃ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠪᠣᠯ ᠣᠯᠠᠨ ᠲᠠᠯᠠᠲᠤ ᠬᠠᠮᠲᠤ ᠵᠢᠨ ᠠᠵᠢᠯᠯᠠᠭᠠᠨ ᠪ ᠬᠠᠮᠤᠭ  ᠤᠨ ᠣᠨᠤᠪᠴᠢᠲᠠᠢ ᠪᠦᠲᠦᠴᠡ ᠶᠤᠮ ᠃ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠳᠦᠷᠢᠮ  ᠤᠨ ᠦᠵᠡᠯ ᠰᠠᠨᠠᠭᠠᠨ ᠳᠤᠤᠷ᠎ᠠ ᠳᠡᠯᠡᠬᠡᠢ ᠵᠢᠨ ᠤᠯᠤᠰ ᠦᠨᠳᠦᠰᠦᠲᠡᠨ ᠨᠤᠭᠥᠳ ᠨᠢᠭᠡᠳᠴᠦ ᠂ ᠠᠰᠠᠭᠤᠳᠠᠯ ᠂ ᠪᠡᠷᠬᠡᠰᠢᠶᠡᠯ ᠊ᠢ ᠶᠠᠷᠢᠶ᠎ᠠ ᠬᠡᠯᠡᠯᠴᠡᠭᠡ ᠂ ᠬᠠᠮᠲᠤ ᠵᠢᠨ ᠠᠵᠢᠯᠯᠠᠭᠠᠨ ᠪ ᠵᠠᠮ ᠵᠢᠨᠷ ᠰᠢᠢᠳᠪᠦᠷᠢᠯᠡᠬᠦ ᠪᠣᠯᠤᠬᠰᠠᠨ ᠨᠢ ᠠᠤᠭ᠎ᠠ ᠳᠡᠪᠰᠢᠯ ᠪᠢᠯᠡ ᠃ ᠬᠥᠭᠵᠢᠯ ᠳᠡᠪᠰᠢᠯᠲᠡᠢ ᠵᠡᠷᠭᠡᠴᠡᠭᠡᠳ ᠰᠤᠷᠢᠯᠲᠠ ᠪᠡᠷᠬᠡᠰᠢᠶᠡᠯ ᠨᠠᠷᠢᠨ ᠲᠦᠪᠡᠭᠲᠡᠢ ᠪᠣᠯᠵᠤ ᠂ ᠲᠡᠭᠦᠨ ᠊ᠢ ᠰᠢᠢᠳᠪᠦᠷᠢᠯᠡᠬᠦ ᠂ ᠳᠠᠪᠠᠨ ᠲᠤᠭᠤᠯᠬᠤ ᠡᠭᠦᠷᠭᠡ ᠬᠠᠷᠢᠭᠤᠴᠠᠯᠭ᠎ᠠ ᠲᠡᠷᠡ ᠬᠢᠷᠢ ᠪᠡᠷ ᠨᠡᠮᠡᠭᠳᠡᠵᠦ ᠪᠠᠢᠢᠨ᠎ᠠ ᠃ ᠲᠤᠬᠠᠢᠢᠯᠠᠪᠠᠯ ᠂ ᠥᠨᠦᠳᠦᠷ  ᠤᠨ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠶᠡᠷᠦᠩᠬᠡᠢ ᠠᠰᠰᠠᠮᠪᠯᠸ ᠶᠢᠨ 75 ᠳ᠋ᠤᠭᠠᠷ ᠴᠢᠭᠤᠯᠭᠠᠨ ᠳᠡᠯᠡᠬᠡᠢ ᠨᠡᠢᠢᠲᠡ ᠪᠡᠷ ᠵᠢᠨᠨ ᠲᠠᠬᠤᠯ ᠤᠨ ᠡᠰᠡᠷᠭᠦ ᠲᠡᠮᠡᠴᠡᠵᠦ ᠪᠤᠢ ᠴᠠᠭ ᠦᠶ᠎ᠡ ᠳ᠋ᠦ ᠪᠣᠯᠵᠤ ᠪᠠᠢᠢᠨ᠎ᠠ ᠃ ᠪᠦᠬᠦ ᠵᠦᠢᠯ ᠬᠠᠷᠢᠯᠴᠠᠨ ᠬᠠᠮᠢᠶᠠᠷᠤᠯ ᠲᠠᠢ ᠪᠣᠯᠤᠬᠰᠠᠨ ᠥᠨᠦ ᠵᠢᠨ ᠶᠢᠷᠲᠢᠨᠴᠦ ᠳ᠋ᠦ ᠬᠠᠯᠳᠠᠪᠤᠷᠢᠲᠤ ᠡᠪᠡᠳᠴᠢᠨ ᠬᠦᠷᠲᠡᠯ᠎ᠡ ᠠᠰᠤᠷᠤ ᠬᠤᠷᠳᠤ ᠲᠠᠢ ᠪᠠᠷ ᠲᠠᠷᠬᠠᠵᠤ ᠂ ᠡᠳ᠋  ᠤᠨ ᠵᠠᠰᠠᠭ ᠂ ᠨᠡᠢᠢᠭᠡᠮ ᠂ ᠬᠥᠮᠦᠯᠢᠭ ᠂ ᠠᠶᠤᠯᠭᠦᠢ ᠪᠠᠢᠢᠳᠠᠯ ᠂ ᠬᠥᠮᠦᠨ ᠪ ᠡᠷᠬᠡ ᠵᠡᠷᠭᠡ ᠣᠯᠠᠨ ᠲᠠᠯᠠᠪᠤᠷ ᠲᠤ ᠰᠥᠷᠭᠡᠦ ᠪᠡᠷ ᠨᠥᠯᠦᠭᠡᠯᠡᠵᠦ ᠪᠠᠢᠢᠨ᠎ᠠ ᠃ ᠠᠨᠠᠭᠠᠬᠤ ᠤᠬᠠᠭᠠᠨ ᠮᠠᠰᠢ ᠥᠨᠳᠦᠷ ᠲᠦᠪᠰᠢᠨ ᠳ᠋ᠦ ᠬᠥᠭᠵᠢᠭᠰᠡᠨ ᠬᠤᠷᠢᠨ ᠨᠢᠭᠡᠳᠦᠭᠡᠷ ᠵᠠᠭᠤᠨ ᠳᠤ ᠬᠥᠮᠦᠨ ᠲᠥᠷᠦᠯᠬᠢᠲᠡᠨ ᠲᠠᠬᠤᠯ ᠤᠨ ᠠᠶᠤᠯ ᠳᠤ ᠭᠡᠨᠡᠳᠡᠵᠦ ᠂ ᠭᠠᠮᠰᠢᠭ ᠤᠨ ᠲᠦᠪᠰᠢᠨ ᠳ᠋ᠦ ᠥᠷᠲᠦᠵᠦ ᠪᠠᠢᠢᠭ᠎ᠠ ᠨᠢ ᠠᠰᠤᠷᠤ ᠲᠤᠮᠣ ᠰᠤᠷᠭᠠᠮᠵᠢ ᠂ ᠰᠠᠨᠠᠭᠤᠯᠭ᠎ᠠ ᠪᠣᠯᠵᠤ ᠪᠠᠢᠢᠨ᠎ᠠ᠃ ᠬᠦᠨᠳᠦ ᠬᠡᠴᠡᠭᠦᠦ ᠦᠶ᠎ᠡ ᠳ᠋ᠦ ᠣᠯᠠᠨ ᠲᠠᠯᠠᠲᠤ ᠬᠠᠮᠲᠤ ᠵᠢᠨ ᠠᠵᠢᠯᠯᠠᠭᠠᠨ ᠪ ᠡᠭᠦᠷᠭᠡ ᠤᠯᠠᠮ ᠥᠰᠴᠦ ᠂ ᠡᠪ ᠨᠢᠭᠡᠳᠦᠯ ᠂ ᠬᠠᠮᠲᠤ ᠵᠢᠨ ᠠᠵᠢᠯᠯᠠᠭᠠᠨ ᠳᠤ ᠰᠠᠭᠤᠷᠢᠯᠠᠬᠰᠠᠨ ᠂ ᠢᠯᠡᠭᠦᠦ ᠤᠶᠠᠯᠳᠤᠭ᠎ᠠ ᠲᠠᠢ ᠂ ᠦᠷ᠎ᠡ ᠳ᠋ᠦᠩ ᠲᠠᠢ ᠬᠠᠷᠢᠭᠤ ᠠᠷᠭ᠎ᠠ ᠬᠡᠮᠵᠢᠶ᠎ᠡ ᠵᠢ ᠴᠠᠭ ᠠᠯᠳᠠᠯ ᠦᠭᠡᠢ ᠠᠪᠬᠤ ᠠᠵᠢᠯ ᠊ᠢ ᠥᠷᠭᠡᠨ ᠬᠦᠷᠢᠶᠡᠨ ᠳ᠋ᠦ ᠵᠤᠬᠢᠶᠠᠨ ᠪᠠᠢᠢᠭᠤᠯᠬᠤ ᠂ ᠬᠡᠷᠡᠭᠵᠢᠭᠦᠯᠬᠦ ᠵᠤᠷᠢᠯᠲᠠ ᠲᠤᠯᠭᠠᠷᠠᠵᠤ ᠪᠠᠢᠢᠨ᠎ᠠ ᠃

ᠲᠠᠬᠤᠯ ᠤᠨ ᠡᠰᠡᠷᠭᠦ ᠪᠠᠲᠤᠯᠠᠭ᠎ᠠ ᠲᠠᠢ ᠸᠠᠺᠼᠢᠨ ᠭᠠᠷᠬᠤ ᠦᠶ᠎ᠡ ᠳ᠋ᠦ ᠬᠥᠭᠵᠢᠵᠦ ᠪᠤᠢ ᠪᠣᠯᠤᠨ ᠨᠡᠩ ᠪᠠᠭᠤᠷᠠᠢ ᠬᠥᠭᠵᠢᠯ ᠲᠠᠢ ᠣᠷᠤᠨ ᠨᠤᠭᠤᠳ ᠂ ᠬᠡᠦᠬᠡᠳ ᠂ ᠡᠮᠡᠭᠲᠡᠢᠢᠴᠦᠳ ᠂ ᠥᠨᠳᠦᠷ  ᠨᠠᠰᠤᠲᠠᠳ ᠂ ᠤᠤᠭᠠᠯ ᠢᠷᠭᠡᠳ ᠵᠡᠷᠭᠡ ᠨᠡᠢᠢᠭᠡᠮ ᠤᠨ ᠡᠮᠵᠡᠭ ᠪᠦᠯᠦᠭ ᠤᠳ ᠲᠦ ᠲᠡᠭᠰᠢ ᠬᠦᠷᠲᠡᠭᠡᠮᠵᠢ ᠲᠠᠢ ᠲᠦᠭᠡᠭᠡᠬᠦ ᠳ᠋ᠦ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠂ ᠲᠡᠭᠦᠨ ᠪ ᠰᠢᠰᠲ᠋ᠧᠮ ᠤᠨ ᠪᠠᠢᠢᠭᠤᠯᠭ᠎ᠠ ᠨᠤᠭᠤᠳ ᠠᠰᠤᠷᠤ ᠶᠡᠬᠡ ᠡᠭᠦᠷᠭᠡ ᠭᠦᠢᠴᠡᠳᠬᠡᠬᠦ ᠨᠢ ᠳᠠᠮᠵᠢᠭ ᠦᠭᠡᠢ ᠃ ᠬᠥᠷᠦᠩᠭᠡ ᠨᠥᠭᠡᠴᠡ ᠪᠠᠭ᠎ᠠ ᠲᠠᠢ ᠂ ᠨᠡᠢᠢᠭᠡᠮ ᠤᠨ ᠬᠠᠮᠠᠭᠠᠯᠠᠯ ᠤᠨ ᠲᠤᠬᠲᠠᠯᠴᠠᠭ᠎ᠠ ᠰᠤᠯᠠ ᠲᠠᠢ ᠬᠥᠭᠵᠢᠵᠦ ᠪᠤᠢ ᠣᠷᠤᠨ ᠨᠤᠭᠤᠳ ᠲᠤ ᠠᠶᠤᠯᠲᠤ ᠴᠠᠷ᠎ᠠ ᠲᠠᠬᠤᠯ ᠲᠠᠢ ᠲᠡᠮᠡᠴᠡᠬᠦ ᠂ ᠰᠡᠷᠭᠦᠭᠡᠨ ᠪᠣᠰᠬᠠᠬᠤ ᠳ᠋ᠤ ᠵᠤᠷᠢᠭᠤᠯᠵᠤ ᠪᠤᠢ ᠲᠤᠰᠠᠯᠠᠮᠵᠢ ᠳᠡᠮᠵᠢᠯᠭᠡ ᠪᠡᠨ ᠦᠷᠭᠦᠯᠵᠢᠯᠡᠭᠦᠯᠬᠦ ᠵᠢ ᠣᠯᠠᠨ ᠤᠯᠤᠰ ᠤᠨ ᠰᠠᠩᠬᠦᠦ ᠵᠢᠨ ᠪᠠᠢᠢᠭᠤᠯᠭ᠎ᠠ ᠨᠤᠭᠤᠳ ᠂ ᠥᠨᠳᠦᠷ ᠬᠥᠭᠵᠢᠯ ᠲᠠᠢ ᠣᠷᠤᠨ ᠨᠤᠭᠤᠳ ᠲᠤ ᠤᠷᠢᠶᠠᠯᠠᠵᠤ ᠪᠠᠢᠢᠨ᠎ᠠ ᠃

ᠨᠤᠶᠠᠨ ᠳᠠᠷᠤᠭ᠎ᠠ ᠠ᠋ ᠂ ᠲᠤᠬᠲᠠᠪᠤᠷᠢᠲᠠᠢ ᠬᠥᠭᠵᠢᠯ  ᠤᠨ ᠵᠤᠷᠢᠯᠲᠠ ᠨᠤᠭᠤᠳ ᠤᠨ ᠬᠡᠷᠡᠭᠵᠢᠯᠲᠡ ᠵᠢ ᠡᠷᠴᠢᠮᠵᠢᠭᠦᠯᠬᠦ ᠦᠢᠯᠡ ᠠᠵᠢᠯᠯᠠᠭᠠᠨ ᠪ ᠠᠷᠪᠠᠨ ᠵᠢᠯ ᠡᠬᠢᠯᠡᠵᠦ ᠪᠤᠢ ᠡᠨᠡ ᠵᠢᠯ ᠳᠡᠯᠡᠬᠡᠢ ᠳᠠᠶᠠᠭᠠᠷ ᠲᠠᠬᠤᠯ  ᠤᠨ ᠬᠢᠵᠠᠭᠠᠷᠯᠠᠯᠲᠠ ᠂ ᠬᠤᠷᠢᠭ᠎ᠠ ᠦᠢᠯᠡᠴᠢᠯᠡᠵᠦ ᠂ ᠤᠴᠠᠷᠠᠵᠤ ᠪᠠᠢᠢᠭ᠎ᠠ ᠰᠠᠭᠠᠳ ᠪᠡᠷᠬᠡᠰᠢᠶᠡᠯ ᠊ᠢ  ᠤᠵᠢᠭᠷᠠᠭᠤᠯᠤᠨ ᠂ 2015 ᠣᠨ ᠡᠴᠠ ᠬᠤᠢᠢᠰᠢᠬᠢ ᠠᠬᠢᠴᠠ ᠂ ᠳᠠᠪᠰᠢᠯ ᠊ᠢ ᠵᠠᠷᠢᠮ ᠲᠠᠯ᠎ᠠ ᠪᠡᠷ ᠤᠬᠤᠷᠢᠭᠠᠬᠤ ᠡᠷᠡᠰᠳᠡᠯ ᠡᠭᠦᠰᠦᠯ᠎ᠡ ᠃ ᠲᠡᠢᠢᠮᠦ ᠡᠴᠡ ᠲᠥᠷᠦ ᠵᠠᠰᠠᠭ  ᠦᠨ ᠭᠠᠵᠠᠷ  ᠤᠳ ᠴᠠᠷ᠎ᠠ ᠲᠠᠬᠤᠯ ᠤᠨ ᠠᠶᠤᠯ ᠊ᠢ ᠭᠡᠲᠦᠯᠬᠦ ᠲᠤᠬᠠᠢ ᠵᠤᠷᠢᠮᠠᠭ ᠠᠯᠬᠤᠮ ᠬᠢᠵᠦ ᠂ ︽ ᠲᠤᠬᠲᠠᠪᠤᠷᠢᠲᠠᠢ ᠬᠥᠭᠵᠢᠯ  ᠤᠨ 2030 ᠬᠥᠲᠦᠯᠪᠦᠷᠢ ︾ ᠶᠢᠨ ᠵᠤᠷᠢᠯᠲᠠ ᠨᠤᠭᠤᠳ ᠲᠤ ᠬᠦᠷᠬᠦ ᠵᠢᠨ ᠲᠥᠯᠦᠭᠡᠬᠢ ᠬᠦᠴᠦᠨ ᠴᠢᠷᠮᠠᠢᠢᠯᠲᠠ ᠪᠠᠨ ᠨᠡᠮᠡᠭᠳᠡᠭᠦᠯᠬᠦ ᠂ ᠡᠭᠦᠷᠭᠡ ᠂ ᠦᠢᠯᠡ ᠠᠵᠢᠯᠯᠠᠭ᠎ᠠ ᠪᠠᠨ ᠰᠢᠨᠡᠯᠢᠭ ᠂ ᠤᠶᠠᠨ ᠬᠠᠲᠠᠨ ᠪᠠᠢᠢᠳᠠᠯ ᠵᠢᠨᠷ ᠬᠡᠷᠡᠭᠵᠢᠭᠦᠯᠬᠦ ᠱᠠᠭᠠᠷᠳᠠᠯᠭ᠎ᠠ ᠲᠠᠢ ᠪᠠᠢᠢᠨ᠎ᠠ ᠃

ᠮᠤᠩᠭᠤᠯ ᠤᠯᠤᠰ  ᠤᠨ ᠬᠤᠪᠢ ᠳᠤ ᠴᠠᠷ᠎ᠠ ᠲᠠᠬᠤᠯ ᠤᠨ ᠠᠶᠤᠯ ᠂ ᠬᠦᠨᠳᠦᠷᠡᠯ ᠊ᠢ ᠬᠤᠬᠢᠷᠠᠯ ᠪᠠᠭ᠎ᠠ ᠲᠠᠢ ᠳᠠᠪᠠᠨ ᠲᠤᠭᠤᠯᠬᠤ ᠵᠢᠨ ᠲᠤᠯᠠᠳᠠ ᠥᠪᠡᠷ  ᠤᠨ ᠬᠦᠴᠦᠨ ᠴᠢᠳᠠᠯ ᠂ ᠨᠥᠭᠡᠴᠡ ᠪᠣᠯᠤᠯᠴᠠᠭ᠎ᠠ ᠵᠢ ᠳᠠᠢᠢᠴᠢᠯᠠᠵᠤ ᠂ ᠪᠤᠰᠤᠳ ᠤᠯᠤᠰ  ᠤᠨ ᠲᠤᠷᠰᠢᠯᠭ᠎ᠠ ᠰᠤᠷᠭᠠᠮᠵᠢ ᠵᠢ ᠠᠩᠬᠠᠷᠴᠤ ᠠᠵᠢᠯᠯᠠᠬᠰᠠᠨ ᠪ ᠳ᠋ᠦ᠋ᠩ ᠳ᠋ᠦ  ᠺᠤᠸᠢᠳ᠋ – 19 ᠶᠢᠨ ᠬᠠᠯᠳᠠᠪᠤᠷᠢ ᠵᠢ ᠳᠤᠲᠤᠭᠠᠳᠤ ᠳ᠋ᠤ ᠪᠠᠨ ᠠᠯᠳᠠᠯ ᠦᠭᠡᠢ ᠪᠠᠷᠢᠵᠤ ᠂ ᠬᠥᠮᠦᠨ ᠪ ᠠᠮᠢ ᠡᠷᠡᠰᠳᠡᠭᠡ ᠦᠭᠡᠢ ᠪᠠᠢᠢᠨ᠎ᠠ ᠃ ᠳᠡᠯᠡᠬᠡᠢ ᠳ᠋ᠠᠬᠢᠨ ᠳᠦ ᠬᠠᠷᠠᠩᠭ᠎ᠠ  ᠳᠡᠯᠡᠳᠦᠭᠰᠡᠨ ᠴᠠᠷ᠎ᠠ ᠲᠠᠬᠤᠯ ᠂ ᠠᠭᠤᠷ ᠠᠮᠢᠰᠬᠤᠯ ᠤᠨ ᠥᠭᠡᠷᠡᠴᠢᠯᠡᠯᠲᠡ ᠵᠡᠷᠭᠡ ᠨᠢ ᠬᠥᠮᠦᠨ ᠲᠥᠷᠦᠯᠬᠢᠲᠡᠨ ᠊ᠢ ᠡᠬᠡ ᠳᠡᠯᠡᠬᠡᠢ ᠪᠡᠨ ᠬᠠᠢᠢᠷᠠᠯᠠᠬᠤ ᠂ ᠪᠠᠢᠢᠭᠠᠯᠢ ᠣᠷᠴᠢᠨ ᠲᠠᠢ ᠪᠠᠨ ᠵᠤᠬᠢᠴᠠᠬᠤ ᠠᠵᠤ ᠲᠥᠷᠦᠬᠦ ᠭᠠᠷᠴᠠᠭ᠎ᠠ ᠦᠭᠡᠢ ᠱᠠᠭᠠᠷᠳᠠᠯᠭ᠎ᠠ ᠵᠢ ᠰᠠᠨᠠᠭᠤᠯᠤᠬᠰᠠᠭᠠᠷ ᠪᠠᠢᠢᠨ᠎ᠠ ᠃ ᠪᠠᠢᠢᠭᠠᠯᠢ ᠳᠡᠯᠡᠬᠡᠢ ᠪᠡᠨ ᠰᠢᠲᠦᠨ ᠡᠷᠬᠢᠮᠯᠡᠵᠦ ᠂ ᠬᠠᠢᠢᠷᠠᠯᠠᠨ ᠬᠠᠮᠠᠭᠠᠯᠠᠬᠤ ᠤᠯᠠᠮᠵᠢᠯᠠᠯ ᠨᠢ ᠮᠤᠩᠭᠤᠯᠴᠤᠳ ᠤᠨ ᠨᠡᠭᠦᠳᠡᠯᠴᠢᠨ ᠠᠵᠤ ᠠᠮᠢᠳᠤᠷᠠᠯ ᠂ ᠦᠨᠳᠦᠰᠦᠲᠡᠨ ᠪ ᠰᠡᠳᠬᠢᠯᠭᠡᠨ ᠪ ᠰᠠᠯᠤᠰᠢ ᠦᠭᠡᠢ ᠬᠡᠰᠡᠭ ᠪᠢᠯᠡ ᠃

ᠬᠥᠮᠦᠨ ᠪᠠᠢᠢᠭᠠᠯᠢ ᠵᠢᠨ ᠬᠠᠷᠢᠯᠴᠠᠨ ᠬᠠᠮᠢᠶᠠᠷᠤᠯ ᠪᠣᠯ ᠬᠥᠮᠦᠨ ᠲᠥᠷᠦᠯᠬᠢᠲᠡᠨ ᠲᠠ ᠪᠢᠳᠠᠨ ᠪ ᠣᠷᠤᠰᠢᠬᠤᠢ ᠵᠢᠨ ᠡᠬᠢ ᠪᠤᠯᠠᠭ ᠪᠢᠯᠡ ᠃ ᠥᠨᠦ ᠵᠢ ᠬᠦᠷᠲᠡᠯ᠎ᠡ ᠪᠠᠢᠢᠭᠠᠯᠢ ᠵᠢᠨ ᠳᠠᠪᠠᠬᠳᠠᠰᠢ ᠦᠭᠡᠢ ᠬᠦᠴᠦᠨ ᠵᠦᠢᠯ  ᠤᠨ ᠡᠮᠦᠨ᠎ᠡ ᠰᠥᠬᠥᠷᠡᠬᠦ ᠦᠭᠡᠢ ᠵᠢᠨ ᠲᠤᠯᠠᠳᠠ ᠪᠢᠳᠠ ᠴᠢᠳᠠᠬᠤ ᠪᠦᠬᠦᠨ ᠵᠢᠨᠨ ᠬᠢᠵᠦ ᠢᠷᠡᠭᠰᠡᠨ ᠪᠣᠯᠪᠠᠴᠤ ᠪᠢᠳᠠᠨ ᠪ ᠲᠡᠮᠡᠴᠡᠯ ᠪᠠᠢᠢᠭᠠᠯᠢ ᠲᠠᠢ ᠵᠤᠬᠢᠴᠠᠬᠤ ᠵᠢᠨ ᠲᠤᠯᠠᠳᠠ ᠪᠤᠰᠤ ᠂ ᠢᠯᠠᠬᠤ ᠵᠢᠨ ᠲᠥᠯᠦᠭᠡ ᠲᠡᠮᠡᠴᠡᠯ ᠪᠠᠢᠢᠬᠰᠠᠨ ᠶᠤᠮ ᠃ ᠢᠯᠠᠬᠤ ᠵᠢᠨ ᠲᠥᠯᠦᠭᠡᠬᠢ ᠲᠡᠮᠡᠴᠡᠯ ᠨᠢ ᠢᠯᠠᠬᠳᠠᠬᠤ ᠵᠢᠨ ᠰᠢᠯᠲᠠᠭᠠᠨ ᠂ ᠵᠤᠬᠢᠴᠠᠬᠤᠢ ᠵᠢᠨ ᠲᠥᠯᠦᠭᠡᠬᠢ ᠲᠡᠮᠡᠴᠡᠯ ᠨᠢ ᠣᠷᠤᠰᠢᠬᠤᠢ ᠵᠢᠨ ᠦᠨᠳᠦᠰᠦ ᠪᠣᠯᠳᠠᠭ ᠪᠣᠯᠬᠤ ᠵᠢ ᠪᠢᠳᠠ ᠡᠳᠦᠷ ᠢᠷᠡᠬᠦ ᠲᠤᠰᠤᠮ ᠮᠡᠳᠡᠷᠡᠭᠰᠡᠭᠡᠷ ᠪᠠᠢᠢᠨ᠎ᠠ ᠃

ᠡᠳᠦᠭᠡ ᠳᠡᠯᠡᠬᠡᠢ ᠳᠠᠶᠠᠭᠠᠷ ᠨᠢᠭᠤᠷᠯᠠᠬᠰᠠᠨ ᠴᠠᠷ᠎ᠠ ᠲᠠᠬᠤᠯ  ᠤᠨ ᠦᠶ᠎ᠡ ᠳ᠋ᠦ ᠬᠠᠯᠳᠠᠪᠤᠷᠢ ᠮᠤᠩᠭᠤᠯ ᠤᠯᠤᠰ  ᠤᠨ ᠬᠡᠮᠵᠢᠶᠡᠨ ᠳ᠋ᠦ ᠳᠤᠲᠤᠭᠠᠳᠤ ᠳ᠋ᠤ ᠪᠠᠨ ᠲᠠᠷᠬᠠᠭ᠎ᠠ ᠦᠭᠡᠢ ᠴᠥᠭᠡᠬᠡᠨ ᠣᠷᠤᠨ ᠪ ᠨᠢᠭᠡ ᠪᠠᠢᠢᠭ᠎ᠠ ᠨᠢ ᠪᠢᠳᠠᠨ ᠊ᠢ ᠵᠠᠷᠢᠮ ᠲᠠᠯ᠎ᠠ ᠪᠡᠷ ᠪᠠᠢᠢᠭᠠᠯᠢ ᠳᠡᠯᠡᠬᠡᠢ ᠲᠠᠢ ᠪᠠᠨ ᠵᠤᠬᠢᠴᠠᠬᠤ ᠠᠵᠤ ᠲᠥᠷᠦᠭᠰᠡᠨ ᠤᠯᠠᠮᠵᠢᠯᠠᠯ ᠲᠠᠢ ᠪᠠᠨ ᠬᠤᠯᠪᠣᠨ ᠦᠵᠡᠬᠦ ᠳ᠋ᠦ ᠬᠦᠷᠭᠡᠵᠦ ᠪᠠᠢᠢᠨ᠎ᠠ ᠃ ᠪᠢᠳᠠ ᠲᠧᠭᠨᠤᠯᠤᠬᠢ ᠵᠢᠨ ᠬᠥᠭᠵᠢᠯ ᠳ᠋ᠦ ᠳᠤᠯᠳᠤᠢᠢᠳᠤᠨ ᠡᠬᠡ ᠳᠡᠯᠡᠬᠡᠢ ᠪᠡᠨ ᠡᠵᠡᠷᠬᠡᠬᠦ ᠪᠤᠰᠤ ᠂ ᠡᠪᠰᠡᠨ  ᠡᠪᠯᠡᠯᠳᠦᠬᠦ ᠶᠢᠨ ᠲᠥᠯᠦᠭᠡ ᠣᠶᠤᠨ ᠤᠬᠠᠭᠠᠨ ᠂ ᠬᠦᠴᠦᠨ ᠴᠢᠳᠠᠯ ᠵᠢᠨᠨ ᠨᠢᠭᠡᠳᠬᠡᠮᠡᠷ ᠪᠠᠢᠢᠨ᠎ᠠ ᠃ ᠪᠠᠢᠢᠭᠠᠯᠢ ᠳᠡᠯᠡᠬᠡᠢ ᠵᠢ ᠬᠠᠮᠠᠭᠠᠯᠠᠬᠤ ᠂ ᠬᠤᠪᠢ ᠬᠥᠮᠦᠨ ᠪᠦᠷᠢ ᠡᠬᠡ ᠳᠡᠯᠡᠬᠡᠢ ᠳ᠋ᠦ ᠪᠡᠨ ᠡᠭᠡᠯᠢᠲᠡᠢ ᠠᠮᠢᠳᠤᠷᠠᠬᠤ ᠨᠢ ᠤᠯᠤᠰ ᠣᠷᠤᠨ ᠨᠤᠭᠤᠳ ᠪᠣᠯᠤᠨ ᠬᠥᠮᠦᠨ ᠲᠥᠷᠦᠯᠬᠢᠲᠡᠨ ᠪ ᠢᠷᠡᠭᠡᠳᠦᠢ ᠦᠶ᠎ᠡ ᠵᠢᠨ ᠡᠮᠦᠨ᠎ᠡ ᠬᠦᠯᠢᠶᠡᠭᠰᠡᠨ ᠡᠭᠦᠷᠭᠡ ᠬᠠᠷᠢᠭᠤᠴᠠᠯᠭ᠎ᠠ ᠪᠣᠯᠤᠭᠠᠳ ᠪᠠᠢᠢᠨ᠎ᠠ ᠃

ᠨᠤᠶᠠᠨ ᠳᠠᠷᠤᠭ᠎ᠠ ᠠ᠋ ᠂ ᠥᠩᠭᠡᠷᠡᠭᠰᠡᠨ 75 ᠵᠢᠯ ᠳ᠋ᠦ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠳᠡᠯᠡᠬᠡᠢ ᠵᠢᠨ ᠦᠨᠳᠦᠰᠦᠲᠡᠨ ᠨᠤᠭᠥᠳ ᠊ᠢ ᠨᠢᠭᠡᠨ ᠳᠡᠭᠡᠪᠦᠷ ᠳᠤᠤᠷ᠎ᠠ ᠨᠢᠭᠡᠳᠬᠡᠵᠦ ᠂ ᠬᠥᠭᠵᠢᠯ ᠳᠡᠪᠰᠢᠯ  ᠤᠨ ᠵᠦᠭ ᠵᠠᠯᠠᠭᠤᠷᠳᠠᠬᠤ ᠡᠭᠦᠷᠭᠡ ᠬᠠᠷᠢᠭᠤᠴᠠᠯᠭ᠎ᠠ ᠪᠠᠨ ᠬᠠᠩᠭᠠᠯᠲᠠ ᠲᠠᠢ ᠪᠡᠶᠡᠯᠡᠭᠦᠯᠵᠦ ᠢᠷᠠᠯ᠎ᠠ ᠃ ᠭᠡᠬᠦ ᠳ᠋ᠦ ᠪᠡᠨ ᠣᠯᠠᠨ ᠤᠯᠤᠰ  ᠤᠨ ᠬᠠᠷᠢᠯᠴᠠᠭᠠᠨ ᠪ ᠰᠢᠨ᠎ᠡ ᠰᠤᠷᠢᠯᠲᠠ  ᠨᠤᠭᠤᠳ ᠊ᠢ ᠳᠠᠪᠠᠨ ᠲᠤᠭᠤᠯᠬᠤ ᠵᠢᠨ ᠲᠤᠯᠠᠳᠠ ᠥᠭᠡᠷᠡᠴᠢᠯᠡᠭᠳᠡᠨ ᠪᠤᠢ ᠨᠥᠬᠥᠴᠡᠯ ᠪᠠᠢᠢᠳᠠᠯ ᠲᠠᠢ ᠢᠯᠡᠭᠦᠦ ᠤᠶᠠᠯᠳᠤᠬᠤ ᠂ ᠦᠢᠯᠡ ᠠᠵᠢᠯᠯᠠᠭ᠎ᠠ ᠪᠠᠨ ᠢᠯᠡᠭᠦᠦ ᠪᠣᠯᠪᠠᠰᠤᠷᠠᠩᠭᠤᠢ ᠪᠣᠯᠭᠠᠬᠤ ᠂ ᠠᠷᠭ᠎ᠠ ᠪᠠᠷᠢᠯ ᠵᠢᠨᠨ ᠥᠭᠡᠷᠡᠴᠢᠯᠡᠵᠦ ᠰᠢᠨᠡᠴᠢᠯᠡᠬᠦ ᠬᠡᠷᠡᠭᠴᠡᠭᠡ ᠂ ᠱᠠᠭᠠᠷᠳᠠᠯᠭ᠎ᠠ ᠲᠤᠯᠭᠠᠷᠠᠵᠤ ᠪᠠᠢᠢᠭ᠎ᠠ ᠪᠥᠭᠡᠳ ᠡᠨᠡ ᠴᠢᠭᠯᠡᠯ ᠵᠢᠨᠷ ᠴᠠᠭᠠᠰᠢᠳᠠ ᠤᠯᠠᠮ ᠪᠦᠷ ᠰᠢᠨᠡᠯᠢᠭ ᠂ ᠵᠤᠷᠢᠮᠠᠭ ᠠᠯᠬᠤᠮ ᠤᠳ ᠬᠢᠬᠦ ᠨᠢ ᠴᠢᠬᠤᠯᠠ ᠪᠠᠢᠢᠨ᠎ᠠ ᠃ ᠡᠬᠡ ᠳᠡᠯᠡᠬᠡᠢ ᠂ ᠬᠥᠮᠦᠨ ᠲᠥᠷᠦᠯᠬᠢᠲᠡᠨ ᠪ ᠠᠮᠤᠷ ᠲᠠᠢᠢᠪᠤᠩ ᠂ ᠰᠠᠢᠢᠨ ᠰᠠᠢᠢᠬᠠᠨ ᠪ ᠲᠥᠯᠦᠭᠡ ᠢᠯᠡᠭᠦᠦ ᠪᠣᠯᠪᠠᠰᠤᠷᠠᠩᠭᠤᠢ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢ ᠬᠠᠮᠲᠤ ᠳ᠋ᠤ ᠪᠠᠨ ᠪᠦᠲᠦᠭᠡᠵᠦ ᠂ ᠬᠠᠮᠲᠤ ᠳ᠋ᠤ ᠪᠠᠨ ᠬᠥᠭᠵᠢᠵᠦ ᠳᠡᠪᠰᠢᠵᠡᠭᠡᠶ᠎ᠡ ᠃ ᠠᠩᠬᠠᠷᠤᠯ ᠬᠠᠨᠳᠤᠭᠤᠯᠤᠬᠰᠠᠨ ᠳ᠋ᠤ ᠪᠠᠶᠠᠷᠯᠠᠯ᠎ᠠ  ᠭᠡᠯ᠎ᠡ ᠃

ᠰᠡᠳᠬᠢᠭᠳᠡᠯ ᠦᠯᠡᠳᠡᠭᠡᠬᠦ