︽ᠬᠡᠢᠢᠮᠤᠷᠢ︾ᠺᠢᠨᠣ᠋ ᠣᠯᠠᠨ ᠤᠯᠤᠰ  ᠤᠨ ᠱᠠᠩᠨᠠᠯ ᠬᠦᠷᠲᠡᠵᠡᠢ | News.MN

︽ᠬᠡᠢᠢᠮᠤᠷᠢ︾ᠺᠢᠨᠣ᠋ ᠣᠯᠠᠨ ᠤᠯᠤᠰ  ᠤᠨ ᠱᠠᠩᠨᠠᠯ ᠬᠦᠷᠲᠡᠵᠡᠢ

ᠲᠥᠷᠦ ᠵᠢᠨ ᠱᠠᠩᠨᠠᠯᠲᠤ᠂ ᠵᠤᠬᠢᠶᠠᠯᠴᠢ ᠴ᠊·ᡀᠠᠮᠦᠰᠦ᠋ᠷᠦᠩ  ᠤᠨ︽ᠬᠦᠷᠡᠩ ᠮᠤᠷᠢ︾ᠨᠠᠢᠢᠷᠠᠬᠯᠠᠯ ᠡᠴᠠ ᠰᠡᠳᠦᠪᠯᠡᠭᠰᠡᠨ︽ᠬᠡᠢᠢᠮᠤᠷᠢ︾ᠤᠷᠠᠨ ᠰᠠᠢᠢᠬᠠᠨ ᠪ ᠺᠢᠨᠣ᠋ ᠠᠮᠧᠷᠢᠺᠠ  ᠳᠤ ᠱᠠᠩᠨᠠᠯ ᠬᠦᠷᠲᠡᠵᠡᠢ᠃ ᠲᠤᠳᠤᠷᠠᠭᠤᠯᠪᠠᠯ᠂ ᠠᠮᠧᠷᠢᠺᠠ  ᠳᠤ ᠵᠤᠬᠢᠶᠠᠨ ᠪᠠᠢᠢᠭᠤᠯᠤᠬᠰᠠᠨ The Ouray international film festival ᠣᠯᠠᠨ ᠤᠯᠤᠰ ᠤᠨ ᠺᠢᠨᠣ᠋ ᠨᠠᠭᠠᠳᠤᠮ ᠤᠨ ᠨᠡᠭᠡᠭᠡᠯᠲᠡ ᠵᠢᠨ ᠺᠢᠨᠣ᠋ ᠪᠠᠷ ᠮᠤᠩᠭᠤᠯ  ᠤᠨ︽ᠬᠡᠢᠢᠮᠤᠷᠢ︾ᠺᠢᠨᠣ᠋ ᠰᠢᠯᠭᠠᠷᠠᠭᠠᠳ ᠪᠠᠢᠢᠬᠰᠠᠨ ᠶᠤᠮ᠃ ᠤᠭ ᠨᠠᠭᠠᠳᠤᠮ ᠳᠤ 500 ᠰᠢᠯᠢᠳᠡᠭ ᠤᠷᠠᠨ ᠰᠠᠢᠢᠬᠠᠨ ᠪ ᠺᠢᠨᠣ᠋ ᠥᠷᠢᠰᠦᠯᠳᠦᠵᠦ ᠂ ᠶᠢᠰᠦᠳᠦᠭᠡᠷ ᠰᠠᠷ᠎ᠠ ᠵᠢᠨ 18– 20  ᠳᠤ ᠰᠢᠯᠢᠳᠡᠭ ᠤᠳ ᠵᠢᠨᠨ ᠲᠤᠳᠤᠷᠠᠭᠤᠯᠤᠬᠰᠠᠨ ᠪᠠᠢᠢᠨ᠎ᠠ᠃ ︽ᠬᠡᠢᠢᠮᠤᠷᠢ︾ᠺᠢᠨᠣ᠋ ᠨᠢ Excellence in International Filmmaking medallion ᠬᠡᠮᠡᠬᠦ ᠱᠠᠩᠨᠠᠯ ᠤᠨ ᠡᠵᠡᠨ ᠪᠣᠯᠤᠬᠰᠠᠨ ᠪᠠᠢᠢᠨ᠎ᠠ ᠃

ᠵᠦᠴᠦᠭᠡᠴᠢᠨ᠂ ᠨᠠᠢᠢᠷᠠᠭᠤᠯᠤᠬᠴᠢ ᠭ᠊·ᠡᠷᠳᠡᠨᠢᠪᠢᠯᠢᠭ ᠤᠨ ᠨᠠᠢᠢᠷᠠᠭᠤᠯᠤᠬᠰᠠᠨ ᠤᠭ ᠳᠡᠯᠭᠡᠴᠡ ᠵᠢᠨ ᠪᠦᠲᠦᠭᠡᠯ 2019 ᠣᠨ ᠪ ᠨᠢᠭᠡᠳᠦᠭᠡᠷ ᠰᠠᠷ᠎ᠠ ᠳᠤ ᠦᠵᠡᠭᠴᠢᠳ ᠲᠦ ᠬᠦᠷᠴᠦ ᠂ ᠬᠤᠶᠠᠳᠤᠭᠠᠷ ᠰᠠᠷ᠎ᠠ ᠳᠦ ᠪᠣᠯᠬᠤ ᠠᠮᠧᠷᠢᠺᠠ ᠵᠢᠨ ᠠᠺᠠᠳᠧᠮᠢ ᠵᠢᠨ ᠱᠠᠩᠨᠠᠯ ᠭᠠᠷᠳᠠᠭᠤᠯᠬᠤ ᠶᠤᠰᠤᠯᠠᠯ ᠪᠤᠶᠤ︽ᠣᠰᠺᠠᠷ︾ ᠤᠨ ᠨᠠᠭᠠᠳᠤᠮ ᠤᠨ ᠭᠠᠳᠠᠭᠠᠳᠤ ᠬᠡᠯᠡ ᠪᠡᠷ ᠬᠢ ᠺᠢᠨᠣ᠋ ᠲᠥᠷᠦᠯ ᠳ᠋ᠦ ᠨᠡᠷ᠎ᠡ ᠳᠡᠪᠰᠢᠭᠰᠡᠨ ᠪᠠᠢᠢᠳᠠᠭ᠃ ᠮᠥᠨ ᠲᠤᠰ ᠺᠢᠨᠣ᠋ ᠨᠢ 2019 ᠣᠨ ᠳᠤ ᠭᠧᠷᠮᠠᠨ ᠳᠤ ᠪᠣᠯᠤᠬᠰᠠᠨ Oldenburg International Film Festival ᠳ᠋ᠦ ᠣᠷᠤᠯᠴᠠᠨ︽ᠺᠢᠨᠣ᠋ ᠤᠷᠠᠯᠢᠭ  ᠤᠨ ᠠᠮᠢᠨ ᠰᠦᠨᠡᠰᠦ︾ᠱᠠᠩᠨᠠᠯ ᠊ᠢ ᠬᠦᠷᠲᠡᠭᠰᠡᠨ ᠶᠤᠮ᠃ ᠬᠤᠶᠠᠷ ᠴᠠᠭ ᠦᠷᠭᠦᠯᠵᠢᠯᠡᠬᠦ ︽ᠬᠡᠢᠢᠮᠤᠷᠢ︾ᠺᠢᠨᠣ᠋ ᠨᠢ ᠮᠤᠩᠭᠤᠯ ᠮᠤᠷᠢ ᠂ ᠮᠤᠩᠭᠤᠯ ᠪᠠᠬᠠᠷᠬᠠᠯ ᠂ ᠮᠤᠩᠭᠤᠯ ᠬᠥᠮᠦᠨ ᠪ ᠡᠬᠡ ᠣᠷᠤᠨ ᠵᠢᠨᠨ ᠬᠠᠢᠢᠷᠠᠯᠠᠬᠤ ᠰᠡᠳᠬᠢᠯ ᠂ ᠬᠥᠮᠦᠨ ᠪᠠᠢᠢᠭᠠᠯᠢ ᠵᠢᠨ ᠬᠤᠯᠪᠣᠭ᠎ᠠ ᠂ ᠮᠤᠩᠭᠤᠯ ᠹᠢᠯᠤᠰᠤᠹᠢ ᠵᠢ ᠪᠠᠬᠲᠠᠭᠠᠬᠰᠠᠨ ᠶᠤᠮ ᠃

ᠰᠡᠳᠬᠢᠭᠳᠡᠯ ᠦᠯᠡᠳᠡᠭᠡᠬᠦ