︽ᠴᠢᠩᠭᠢᠰ ᠬᠠᠭᠠᠨ ᠪᠠ ᠲᠡᠭᠦᠨ ᠪ ᠥᠪ ︾ᠰᠢᠮᠫᠤᠽᠢᠤᠮ ᠪᠣᠯᠪᠠ | News.MN

︽ᠴᠢᠩᠭᠢᠰ ᠬᠠᠭᠠᠨ ᠪᠠ ᠲᠡᠭᠦᠨ ᠪ ᠥᠪ ︾ᠰᠢᠮᠫᠤᠽᠢᠤᠮ ᠪᠣᠯᠪᠠ

ᠮᠤᠩᠭᠤᠯ ᠤᠯᠤᠰ ᠡᠴᠠ ᠪᠦᠭᠦᠳᠡ ᠨᠠᠢᠷᠠᠮᠳᠠᠬᠤ ᠲᠦᠷᠺ ᠤᠯᠤᠰ ᠲᠤ ᠰᠠᠭᠤᠭ᠎ᠠ ᠡᠯᠴᠢᠨ ᠰᠠᠢᠢᠳ ᠤᠨ ᠶᠠᠮᠤᠨ᠂ ᠲᠦᠷᠺ ᠤᠨ ᠰᠢᠨᠵᠢᠯᠡᠬᠦ ᠤᠬᠠᠭᠠᠨ ᠪ ᠠᠺᠠᠳᠧᠮᠢ ᠬᠠᠮᠲᠤᠷᠠᠨ ᠲᠦᠷᠺ ᠤᠨ ᠠᠯᠠᠳ᠋ᠳᠢᠨ ᠺᠸᠢᠢᠺᠤᠪᠠᠲ ᠶᠡᠬᠡ ᠰᠤᠷᠭᠠᠭᠤᠯᠢ ᠵᠢ ᠲᠦᠰᠢᠭᠯᠡᠨ ︽ᠴᠢᠩᠭᠢᠰ ᠬᠠᠭᠠᠨ ᠪᠠ ᠲᠡᠭᠦᠨ ᠪ ᠥᠪ ︾ᠰᠢᠮᠫᠤᠽᠢᠤᠮ ᠢ ᠡᠨᠡ ᠰᠠᠷ᠎ᠠ ᠵᠢᠨ 15᠎ ᠳ᠋ᠦ ᠵᠤᠬᠢᠶᠠᠨ ᠪᠠᠢᠢᠭᠤᠯᠵᠠᠢ ᠃ ᠰᠢᠮᠫᠤᠽᠢᠤᠮ ᠳᠦ ᠲᠦᠷᠺ  ᠤᠨ 12 ᠶᠡᠬᠡ ᠰᠤᠷᠭᠠᠭᠤᠯᠢ ᠂ ᠮᠦᠽᠧᠢ ᠰᠤᠳᠤᠯᠤᠭᠠᠴᠢ᠂ ᠡᠷᠳᠡᠮᠲᠡᠳ ᠣᠷᠤᠯᠴᠠᠵᠤ ᠂  ᠤᠰᠮᠠᠨ ᠤ ᠴᠤᠬᠯᠠᠭᠤᠯᠭ᠎ᠠ ᠳ᠋ᠤ ᠪᠤᠢ ᠢᠯ ᠬᠠᠭᠠᠳ ᠤᠨ ᠵᠢᠷᠤᠬᠲᠤ ᠨᠤᠮ ᠂ ᠲᠤᠫᠺᠠᠫ    ᠤᠨ ᠣᠷᠳᠤᠨ ᠪ ᠨᠤᠮ  ᠤᠨ ᠰᠠᠩ ᠳᠤ ᠪᠤᠢ ᠢᠯ ᠬᠠᠭᠠᠨ ᠪ ᠦᠶ᠎ᠡ ᠵᠢᠨ ᠤᠷᠠᠨ ᠪᠢᠴᠢᠮᠡᠯ  ᠤᠳ ᠂ ᠮᠤᠩᠭᠤᠯᠴᠤᠳ  ᠤᠨ ᠠᠨᠠᠲ᠋ᠤᠯᠢ ᠳᠤ ᠦᠯᠡᠳᠡᠭᠡᠭᠰᠡᠨ ᠤᠷᠠᠨ ᠪᠠᠷᠢᠯᠭ᠎ᠠ ᠵᠢᠨ ᠨᠥᠯᠦᠭᠡ ᠂ ᠴᠢᠩᠭᠢᠰ ᠬᠠᠭᠠᠨ ᠪ ᠦᠶ᠎ᠡ ᠵᠢᠨ ᠮᠤᠩᠭᠤᠯᠴᠤᠳ ᠤᠨ ᠭᠤᠣ᠎ᠠ ᠵᠦᠢ ᠵᠢᠨ ᠣᠢᠢᠯᠠᠭᠠᠯᠲᠠ ᠂ ᠠᠯᠤᠨ ᠭᠤᠣ᠎ᠠ ᠡᠬᠡ ᠵᠢᠨ ᠳᠤᠮᠤᠭ ᠂ ᠴᠢᠩᠭᠢᠰ ᠬᠠᠭᠠᠨ ᠊ᠢ ᠲᠦᠷᠺ ᠪᠣᠯᠤᠨ ᠲᠦᠷᠦᠭ ᠤᠬᠰᠠᠭ᠎ᠠ ᠲᠠᠢ ᠣᠷᠤᠨ ᠨᠤᠭᠤᠳ  ᠲᠤ ᠬᠡᠷᠬᠢᠨ ᠦᠵᠡᠳᠡᠭ ᠲᠠᠯ᠎ᠠ ᠪᠡᠷ ᠢᠯᠡᠳᠬᠡᠯ ᠬᠡᠯᠡᠯᠴᠡᠭᠦᠯᠵᠡᠢ᠃ ᠮᠥᠨ ᠢᠰᠲ᠋ᠠᠨᠪᠤᠯ ᠤᠨ ᠠᠷᠬᠢᠪ ᠲᠤ ᠬᠠᠳᠠᠭᠠᠯᠠᠬᠳᠠᠵᠤ ᠪᠠᠢᠢᠭ᠎ᠠ 13 ᠳ᠋ᠤᠭᠠᠷ ᠵᠠᠭᠤᠨ ᠪ ᠮᠤᠩᠭᠤᠯ ᠭᠠᠷᠤᠯᠲᠠᠢ ᠦᠭᠡᠰ ᠂ ᠳᠤᠷᠠᠰᠬᠠᠯ ᠂ ᠲᠦᠷᠺ  ᠤᠨ ᠮᠦᠽᠧᠢ ᠂ ᠠᠷᠬᠢᠪ ᠤᠳ ᠲᠤ ᠬᠠᠳᠠᠭᠠᠯᠠᠵᠤ ᠪᠤᠢ ᠴᠢᠩᠭᠢᠰ ᠬᠠᠭᠠᠨ ᠂ ᠲᠡᠭᠦᠨ ᠪ  ᠵᠠᠯᠭᠠᠮᠵᠢᠯᠠᠭᠴᠢᠳ ᠲᠠᠢ ᠬᠤᠯᠪᠣᠭᠠᠲᠠᠢ ᠲᠡᠦᠬᠡᠨ ᠳᠤᠷᠠᠰᠬᠠᠯ ᠵᠡᠷᠭᠡ ᠲᠦᠷᠺ ᠲᠦ ᠪᠠᠢᠢᠭ᠎ᠠ ᠮᠤᠩᠭᠤᠯ  ᠤᠨ ᠲᠡᠦᠬᠡ ᠂ ᠰᠤᠶᠤᠯ  ᠤᠨ ᠥᠪ  ᠤᠨ ᠬᠤᠯᠪᠣᠬᠳᠠᠯ ᠲᠠᠢ 20 ᠭᠠᠷᠤᠢ ᠢᠯᠡᠳᠬᠡᠯ ᠬᠡᠯᠡᠯᠴᠡᠭᠦᠯᠦᠭᠰᠡᠨ ᠪᠠᠢᠢᠨ᠎ᠠ ᠃

ᠮᠤᠩᠭᠤᠯ ᠤᠯᠤᠰ ᠡᠴᠠ ᠲᠦᠷᠺ ᠲᠦ ᠰᠠᠭᠤᠭ᠎ᠠ ᠡᠯᠴᠢᠨ ᠰᠠᠢᠢᠳ ᠷ᠊·ᠪᠣᠯᠤᠳ  ᠲᠦᠷᠺ ᠲᠦ ᠪᠠᠢᠢᠭ᠎ᠠ ᠮᠤᠩᠭᠤᠯ ᠤᠨ ᠲᠡᠦᠬᠡ ᠰᠤᠶᠤᠯ ᠤᠨ ᠥᠪ ᠤᠨ ᠲᠠᠯ᠎ᠠ ᠪᠡᠷ ᠰᠤᠳᠤᠯᠭᠠᠨ ᠪ ᠪᠦᠲᠦᠭᠡᠯ ᠬᠠᠮᠲᠤᠷᠠᠨ ᠭᠠᠷᠭᠠᠬᠤ ᠰᠠᠨᠠᠯ ᠳᠡᠪᠰᠢᠭᠦᠯᠵᠡᠢ ᠃ ᠲᠦᠷᠺ  ᠤᠨ ᠰᠢᠨᠵᠢᠯᠡᠬᠦ ᠤᠬᠠᠭᠠᠨ ᠪ ᠠᠺᠠᠳᠧᠮᠢ ᠵᠢᠨ ᠶᠡᠷᠦᠩᠬᠡᠢᠢᠯᠡᠭᠴᠢ ᠮᠤᠬᠠᠹᠹᠸᠷ ᠱᠸᠺᠸᠷ ᠲᠤᠰ ᠰᠢᠮᠫᠤᠽᠢᠤᠮ ᠦᠨ ᠢᠯᠡᠳᠬᠡᠯ ᠤᠳ ᠊ᠢ ᠡᠮᠬᠢᠳᠬᠡᠭᠰᠡᠨ ᠪᠦᠲᠦᠭᠡᠯ ᠭᠠᠷᠭᠠᠬᠤ ᠪᠣᠯᠤᠨ ᠴᠢᠩᠭᠢᠰ ᠰᠤᠳᠤᠯᠤᠯ ᠤᠨ ᠰᠠᠯᠪᠤᠷᠢ ᠳᠤ ᠬᠠᠮᠲᠤᠷᠠᠨ ᠠᠵᠢᠯᠯᠠᠨ᠎ᠠ ᠭᠡᠳᠡᠭ ᠵᠢᠨᠨ ᠢᠯᠡᠷᠬᠡᠢᠢᠯᠡᠪᠡ ᠃

ᠰᠡᠳᠬᠢᠭᠳᠡᠯ ᠦᠯᠡᠳᠡᠭᠡᠬᠦ