ᠪ᠊ · ᠪᠤᠳᠠᠵᠢᠷᠭᠠᠯ ᠳᠡᠯᠡᠬᠡᠢ ᠳ᠋ᠦ ᠷᠸᠺᠣᠷᠳ᠋ ᠲᠤᠬᠲᠠᠭᠠᠯ᠎ᠠ | News.MN

ᠪ᠊ · ᠪᠤᠳᠠᠵᠢᠷᠭᠠᠯ ᠳᠡᠯᠡᠬᠡᠢ ᠳ᠋ᠦ ᠷᠸᠺᠣᠷᠳ᠋ ᠲᠤᠬᠲᠠᠭᠠᠯ᠎ᠠ

 

ᠬᠤᠯᠠ ᠵᠢᠨ ᠵᠠᠢ ᠵᠢᠨ ᠭᠦᠶᠦᠯᠲᠡ ᠵᠢᠨ ᠬᠤᠯᠪᠣᠭᠠᠨ ᠡᠴᠠ ᠵᠤᠬᠢᠶᠠᠨ ᠪᠠᠢᠢᠭᠤᠯᠤᠬᠳᠠᠳᠠᠭ ᠤᠷᠤᠯᠳᠤᠭᠠᠨ ᠲᠡᠮᠡᠴᠡᠭᠡᠨ ᠨᠤᠭᠦᠳ ᠲᠦ ᠠᠮᠵᠢᠯᠲᠠᠲᠠᠢ ᠣᠷᠤᠯᠴᠠᠵᠤ ᠂ ᠳᠡᠯᠡᠬᠡᠢ ᠵᠢᠨ ᠳᠥᠷᠪᠡᠨ ᠤᠳᠠᠭᠠᠨ ᠪ ᠠᠪᠤᠷᠭᠤ ᠪᠣᠯᠤᠬᠰᠠᠨ ᠪ᠊ · ᠪᠤᠳᠠᠵᠢᠷᠭᠠᠯ ᠥᠴᠦᠭᠡᠳᠦᠷ ᠳᠠᠬᠢᠨ ᠨᠢᠭᠡ ᠢᠯᠠᠯᠲᠠ ᠪᠠᠨ ᠪᠠᠢᠢᠭᠤᠯᠤᠯ᠎ᠠ ᠃ ᠲᠡᠷᠡ ᠪᠡᠷ︽ᠣᠯᠠᠨ ᠡᠳᠦᠷ  ᠦᠨ ᠬᠡᠲᠦ ᠬᠤᠯᠠ ᠵᠢᠨ ᠭᠦᠶᠦᠯᠲᠡ ᠵᠢᠨ ᠲᠡᠮᠡᠴᠡᠭᠡᠨ︾ᠳ᠋ᠦ ᠳᠡᠯᠡᠬᠡᠢ ᠳ᠋ᠦ ᠳᠥᠷᠪᠡᠨ ᠤᠳᠠᠭ᠎ᠠ ᠲᠦᠷᠦᠭᠦᠯᠡᠭᠰᠡᠨ ᠠᠮᠵᠢᠯᠲᠠ ᠪᠠᠨ ᠪᠠᠲᠤᠯᠠᠵᠤ ᠂ ᠲᠠᠢᠢᠯᠠᠨᠳ᠋ ᠲᠤ ᠪᠣᠯᠤᠬᠰᠠᠨ 12 ᠴᠠᠭ ᠤᠨ ᠭᠦᠶᠦᠯᠲᠡ ᠵᠢᠨ ᠲᠡᠮᠡᠴᠡᠭᠡᠨ ᠳ᠋ᠦ 125 ᠺᠢᠯᠤᠮᠧᠲ᠋ᠷ ᠭᠦᠶᠦᠵᠦ ᠲᠦᠷᠦᠭᠦᠯᠡᠵᠡᠢ ᠃  ᠲᠡᠷᠡ ᠬᠠᠮᠤᠭ ᠤᠨ ᠠᠩᠬ᠎ᠠ 2014 ᠣᠨ ᠳᠤ 35 ᠨᠠᠰᠤᠲᠠᠢ ᠳ᠋ᠤ ᠪᠠᠨ  ᠨᠢᠦ᠋ ᠶᠤᠷᠺ ᠬᠤᠲᠠ ᠳᠦ ᠪᠣᠯᠤᠬᠰᠠᠨ 10 ᠬᠤᠨᠤᠭ ᠤᠨ ᠭᠦᠶᠦᠯᠲᠡ ᠳ᠋ᠦ 1189 ᠺᠢᠯᠤᠮᠧᠲ᠋ᠷ ᠭᠦᠶᠦᠵᠦ ᠲᠦᠷᠦᠭᠦᠯᠡᠵᠦ ᠪᠠᠢᠢᠵᠠᠢ ᠃ ᠣᠳᠣ ᠵᠢᠨ ᠪᠠᠢᠢᠳᠠᠯ ᠵᠢᠨᠷ ᠳᠡᠯᠡᠬᠡᠢ ᠳ᠋ᠦ  ᠲᠡᠭᠦᠨ ᠡᠴᠡ ᠥᠭᠡᠷ᠎ᠡ ᠬᠡᠲᠦ ᠬᠤᠯᠠ ᠵᠢᠨ ᠵᠠᠢ ᠵᠢᠨ ᠭᠦᠶᠦᠯᠲᠡ ᠵᠢᠨ ᠲᠡᠮᠡᠴᠡᠭᠡᠨ ᠳ᠋ᠦ ᠨᠢᠭᠡ ᠵᠢᠯ ᠳ᠋ᠦ ᠭᠤᠷᠪᠠ ᠲᠦᠷᠦᠭᠦᠯᠡᠭᠰᠡᠨ ᠬᠥᠮᠦᠨ ᠪᠠᠢᠢᠳᠠᠭ ᠦᠭᠡᠢ ᠶᠤᠮ ᠃

ᠪ᠊·ᠪᠤᠳᠠᠵᠢᠷᠭᠠᠯ ᠢᠷᠡᠬᠦ ᠠᠷᠪᠠᠨ ᠨᠢᠭᠡᠳᠦᠭᠡᠷ ᠰᠠᠷ᠎ᠠ ᠵᠢᠨ 16᠎ ᠳ᠋ᠦ ᠠᠮᠧᠷᠢᠺᠠ ᠵᠢᠨ  ᠹᠯᠤᠷᠢᠳᠠ ᠮᠤᠵᠢ ᠳᠤ ᠪᠣᠯᠬᠤ 6 ᠬᠤᠨᠤᠭ  ᠤᠨ ᠂ ‪ ᠠᠷᠪᠠᠨ ᠬᠤᠶᠠᠳᠤᠭᠠᠷ ᠰᠠᠷ᠎ᠠ ᠵᠢᠨ 28᠎ ᠳ᠋ᠦ ᠠᠮᠧᠷᠢᠺᠠ ᠵᠢᠨ ᠠᠷᠢᠽᠤᠨᠠ ᠮᠤᠵᠢ ᠳᠤ ᠪᠣᠯᠬᠤ 10 ᠬᠤᠨᠤᠭ ᠤᠨ ᠣᠯᠠᠨ ᠡᠳᠦᠷ ᠤᠨ ᠭᠦᠶᠦᠯᠲᠡ ᠵᠢᠨ ᠲᠡᠮᠡᠴᠡᠭᠡᠨ ᠳ᠋ᠦ ᠣᠷᠤᠬᠤ ᠲᠥᠯᠦᠪᠯᠡᠭᠡ ᠲᠠᠢ ᠪᠠᠢᠢᠨ᠎ᠠ ᠃

ᠰᠡᠳᠬᠢᠭᠳᠡᠯ ᠦᠯᠡᠳᠡᠭᠡᠬᠦ