ᠠᠢᠢᠯ ᠤᠳ ᠲᠤ ᠬᠡᠭᠡᠯᠲᠦᠭᠦᠯᠦᠭᠴᠢ ᠬᠤᠴᠠ ᠂ ᠤᠬᠤᠨ᠎ᠠ ᠥᠭᠴᠡᠢ | News.MN

ᠠᠢᠢᠯ ᠤᠳ ᠲᠤ ᠬᠡᠭᠡᠯᠲᠦᠭᠦᠯᠦᠭᠴᠢ ᠬᠤᠴᠠ ᠂ ᠤᠬᠤᠨ᠎ᠠ ᠥᠭᠴᠡᠢ

︽ᠮᠠᠯᠴᠢᠳ ᠤᠨ ᠨᠡᠢᠢᠭᠡᠮ ᠤᠨ ᠬᠠᠮᠠᠭᠠᠯᠠᠯ ᠊ᠢ ᠥᠷᠭᠡᠵᠢᠭᠦᠯᠵᠦ ᠂ ᠴᠤᠴᠢᠷᠠᠯ ᠳ᠋ᠤ ᠪᠡᠯᠡᠨ ᠪᠠᠢᠢᠳᠠᠯ ᠊ᠢ ᠨᠡᠮᠡᠭᠳᠡᠭᠦᠯᠬᠦ ᠨᠢ ︾ᠲᠥᠰᠦᠯ  ᠤᠨ ᠬᠦᠷᠢᠶᠡᠨ ᠳ᠋ᠦ ᠵᠠᠪᠬᠠᠨ ᠠᠢᠢᠮᠠᠭ ᠤᠨ ᠤᠯᠢᠶᠠᠰᠤᠲᠠᠢ ᠬᠤᠲᠠ ᠳᠤ 24 ᠰᠤᠮᠤ ᠵᠢᠨ 200 ᠭᠠᠷᠤᠢ ᠮᠠᠯᠴᠢᠨ ᠊ᠢ ᠬᠠᠮᠤᠷᠤᠭᠤᠯᠤᠬᠰᠠᠨ ᠵᠥᠪᠯᠡᠯᠭᠡᠨ ᠊ᠢ ᠥᠩᠭᠡᠷᠡᠭᠰᠡᠨ ᠪᠠᠰᠠᠩ ᠂ ᠪᠢᠮᠪᠠ ᠭᠠᠷᠠᠭ ᠲᠤ ᠵᠤᠬᠢᠶᠠᠨ ᠪᠠᠢᠢᠭᠤᠯᠵᠠᠢ ᠃ ᠲᠥᠰᠦᠯ ᠊ᠢ ᠵᠠᠰᠠᠭ ᠤᠨ ᠭᠠᠵᠠᠷ ᠂ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠬᠦᠨᠡᠰᠦ ᠬᠥᠳᠡᠭᠡ ᠠᠵᠤ ᠠᠬᠤᠢ ᠵᠢᠨ ᠪᠠᠢᠢᠭᠤᠯᠭ᠎ᠠ ᠂ ᠬᠡᠦᠬᠡᠳ ᠤᠨ ᠰᠠᠩ ᠂ ᠬᠥᠮᠦᠨ ᠠᠮᠠ ᠵᠢᠨ ᠰᠠᠩ ᠪᠣᠯᠤᠨ ᠣᠯᠠᠨ ᠤᠯᠤᠰ ᠤᠨ ᠬᠥᠳᠡᠯᠮᠦᠷᠢ ᠵᠢᠨ ᠪᠠᠢᠢᠭᠤᠯᠭ᠎ᠠ ᠬᠠᠮᠲᠤᠷᠠᠨ ᠬᠡᠷᠡᠭᠵᠢᠭᠦᠯᠵᠦ ᠪᠤᠢ ᠃ ᠵᠥᠪᠯᠡᠯᠭᠡᠨ ᠪ ᠦᠶ᠎ᠡ ᠪᠡᠷ ᠨᠢᠭᠡᠳᠦᠭᠰᠡᠨ ᠦᠨᠳᠦᠰᠦᠲᠡᠨ ᠪ ᠪᠠᠢᠢᠭᠤᠯᠭ᠎ᠠ ᠵᠢᠨ ᠬᠦᠨᠡᠰᠦ ᠬᠥᠳᠡᠭᠡ ᠠᠵᠤ ᠠᠬᠤᠢ ᠵᠢᠨ ᠪᠠᠢᠢᠭᠤᠯᠭ᠎ᠠ ᠦᠷᠡᠵᠢᠯ  ᠤᠨ ᠥᠰᠪᠦᠷᠢ ᠬᠡᠭᠡᠯᠲᠦᠭᠦᠯᠦᠭᠴᠢ ᠬᠤᠴᠠ ᠂ ᠤᠬᠤᠨ᠎ᠠ ᠲᠤᠰ ᠪᠦᠷᠢ 30 ᠶᠢ ᠵᠤᠷᠢᠯᠲᠠᠲᠤ ᠪᠦᠯᠦᠭ ᠪᠣᠯᠬᠤ 15 ᠵᠠᠯᠠᠭᠤ ᠮᠠᠯᠴᠢᠨ ᠠᠢᠢᠯ ᠂ ᠡᠷᠦᠬᠡ ᠲᠤᠯᠤᠭᠠᠢᠢᠯᠠᠬᠰᠠᠨ ᠡᠮᠡᠭᠲᠡᠢ ᠮᠠᠯᠴᠢᠳ ᠲᠤ ᠥᠭᠴᠡᠢ ᠃ ᠡᠨᠡ ᠨᠢ ᠮᠠᠯᠴᠢᠳ ᠮᠠᠯ ᠤᠨ ᠲᠤᠭ᠎ᠠ ᠪᠢᠰᠢ ᠴᠢᠨᠠᠷ ᠲᠤ ᠠᠩᠬᠠᠷᠬᠤ ᠂ ᠴᠥᠭᠡᠨ ᠲᠤᠭᠠᠨ ᠪ ᠴᠢᠨᠠᠷᠲᠠᠢ ᠮᠠᠯ ᠊ᠢ ᠡᠳ᠋ ᠤᠨ ᠵᠠᠰᠠᠭ ᠤᠨ ᠡᠷᠭᠢᠯᠲᠡ ᠳ᠋ᠦ ᠣᠷᠤᠭᠤᠯᠤᠨ ᠪᠠᠢᠢᠭᠠᠯᠢ ᠣᠷᠴᠢᠨ ᠂ ᠪᠡᠯᠴᠢᠭᠡᠷ ᠵᠢᠨᠨ ᠬᠠᠮᠠᠭᠠᠯᠠᠵᠤ᠂ ᠴᠤᠴᠢᠷᠠᠯ ᠳ᠋ᠤ ᠪᠡᠯᠡᠨ ᠳᠠᠰᠤᠨ ᠵᠤᠬᠢᠴᠠᠬᠤ ᠴᠢᠳᠠᠪᠬᠢ ᠪᠠᠨ ᠨᠡᠮᠡᠭᠳᠡᠭᠦᠯᠬᠦ ᠳ᠋ᠦ ᠴᠢᠬᠤᠯᠠ ᠠᠴᠢ ᠬᠤᠯᠪᠣᠬᠳᠠᠯ ᠲᠠᠢ ᠃

ᠰᠡᠳᠬᠢᠭᠳᠡᠯ ᠦᠯᠡᠳᠡᠭᠡᠬᠦ