ᠬ᠊ · ᠪᠠᠲᠤᠲᠤᠯᠭ᠎ᠠ ᠵᠠᠪᠬᠠᠨ ᠠᠢᠢᠮᠠᠭ ᠤᠨ ᠢᠷᠭᠡᠳ ᠲᠠᠢ ᠠᠭᠤᠯᠵᠠᠯ᠎ᠠ | News.MN

ᠬ᠊ · ᠪᠠᠲᠤᠲᠤᠯᠭ᠎ᠠ ᠵᠠᠪᠬᠠᠨ ᠠᠢᠢᠮᠠᠭ ᠤᠨ ᠢᠷᠭᠡᠳ ᠲᠠᠢ ᠠᠭᠤᠯᠵᠠᠯ᠎ᠠ

ᠮᠤᠩᠭᠤᠯ ᠤᠯᠤᠰ  ᠤᠨ ᠶᠡᠷᠦᠩᠬᠡᠢᠢᠯᠡᠭᠴᠢ ᠬᠠᠯᠲᠠᠮ᠎ᠠ ᠵᠢᠨ ᠪᠠᠲᠤᠲᠤᠯᠭ᠎ᠠ ᠵᠢᠨ ᠣᠷᠤᠨ ᠨᠤᠲᠤᠭ  ᠤᠨ ᠢᠷᠭᠡᠳ ᠲᠠᠢ ᠬᠢᠬᠦ ᠠᠭᠤᠯᠵᠠᠯᠲᠠ ᠪᠠᠷᠠᠭᠤᠨ ᠪᠦᠰᠡ ᠵᠢᠨ ᠠᠢᠢᠮᠠᠭ ᠤᠳ ᠲᠤ ᠦᠷᠭᠦᠯᠵᠢᠯᠡᠵᠦ ᠪᠠᠢᠢᠨ᠎ᠠ ᠃ ᠲᠥᠷᠦ ᠵᠢᠨ ᠲᠡᠷᠢᠭᠦᠨ ᠵᠠᠪᠬᠠᠨ ᠠᠢᠢᠮᠠᠭ ᠤᠨ ᠠᠵᠢᠯ ᠲᠠᠢ ᠡᠨᠡ ᠰᠠᠷ᠎ᠠ ᠵᠢᠨ 18᠎ ᠳ᠋ᠦ ᠲᠠᠨᠢᠯᠴᠠᠵᠤ ᠂ ᠢᠷᠭᠡᠳ ᠲᠠᠢ ᠠᠭᠤᠯᠵᠠᠭᠰᠠᠨ ᠶᠤᠮ ᠃

ᠤᠯᠢᠶᠠᠰᠤᠲᠠᠢ ᠰᠤᠮᠤ ᠵᠢᠨ ᠢᠷᠭᠡᠨ ᠳᠠᠮᠳᠢᠨᠰᠦ᠋ᠷᠦᠩ ᠄ ᠮᠤᠩᠭᠤᠯ ᠬᠥᠮᠦᠨ ᠭᠡᠳᠡᠭ ᠪᠣᠯ ᠠᠭᠤᠤ ᠶᠡᠬᠡ ᠤᠬᠠᠭᠠᠨ ᠲᠠᠢ ᠂ ᠮᠤᠩᠭᠤᠯ ᠥᠪ ᠰᠤᠶᠤᠯ ᠂ ᠤᠯᠠᠮᠵᠢᠯᠠᠯ ᠤᠨ ᠠᠭᠤᠤ ᠲᠡᠦᠬᠡ ᠲᠠᠢ ᠃ ᠮᠤᠩᠭᠤᠯ ᠥᠪ ᠰᠤᠶᠤᠯ᠂ ᠲᠡᠦᠬᠡ᠂ ᠶᠤᠰᠣ ᠤᠯᠠᠮᠵᠢᠯᠠᠯ ᠭᠡᠭᠡᠭᠳᠡᠭᠰᠡᠨ ᠡᠴᠡ ᠪᠣᠯᠤᠭᠠᠳ ᠥᠨᠦᠳᠦᠷ ᠤᠨ ᠡᠨᠡ ᠨᠡᠢᠢᠭᠡᠮ ᠤᠨ ᠰᠠᠭᠠᠷ ᠠᠰᠠᠭᠤᠳᠠᠯ ᠤᠳ ᠭᠠᠷᠴᠤ ᠪᠠᠢᠢᠨ᠎ᠠ ᠭᠡᠵᠦ ᠪᠣᠳᠤᠵᠤ ᠪᠠᠢᠢᠨ᠎ᠠ ᠃ ᠥᠨᠦᠳᠦᠷ ᠭᠡᠬᠦ ᠳ᠋ᠦ ᠬᠡᠳᠦᠬᠡᠨ ᠬᠥᠮᠦᠨ ᠲᠥᠷᠦ ᠵᠠᠰᠠᠭ ᠤᠨ ᠡᠷᠬᠡᠨ ᠳ᠋ᠦ ᠭᠠᠷᠴᠢᠬᠠᠭᠠᠳ ᠬᠥᠮᠦᠨ ᠊ᠢ ᠬᠠᠢᠢᠷᠠᠯᠠᠬᠤ ᠦᠭᠡᠢ ᠪᠣᠯᠤᠭᠰᠠᠨ ᠨᠢ ᠮᠤᠩᠭᠤᠯ ᠶᠤᠰᠣ ᠂ ᠵᠠᠩᠰᠢᠯ ᠵᠢᠨᠨ ᠭᠡᠭᠡᠭᠰᠡᠨ ᠦ ᠬᠢ  ᠪᠠᠢᠬᠤ᠃ ᠪᠢᠳᠠ ᠮᠤᠩᠭᠤᠯ ᠤᠬᠠᠭᠠᠨ ᠵᠢᠨᠷ ᠢᠷᠡᠭᠡᠳᠦᠢ ᠵᠢ ᠨᠢᠭᠡᠳᠬᠡᠮᠡᠷ ᠪᠠᠢᠢᠨ᠎ᠠ ᠃ ᠮᠤᠩᠭᠤᠯ ᠶᠡᠬᠡ ᠥᠪ ᠰᠤᠶᠤᠯ ᠵᠢᠨᠷ ᠬᠡᠦᠬᠡᠳ ᠊ᠢ ᠰᠤᠷᠭᠠᠨ ᠬᠥᠮᠦᠵᠢᠭᠦᠯᠬᠦ ᠂ ᠢᠯᠠᠩᠭᠤᠶ᠎ᠠ ᠪᠣᠯᠪᠠᠰᠤᠷᠠᠯ ᠤᠨ ᠰᠠᠯᠪᠤᠷᠢ ᠳᠤ ᠰᠢᠩᠭᠡᠭᠡᠵᠦ ᠥᠭᠴᠦ ᠂ ᠮᠤᠩᠭᠤᠯ ᠤᠬᠠᠭᠠᠨ ᠲᠠᠢ ᠂ ᠰᠡᠳᠬᠢᠯ ᠤᠨ ᠶᠡᠬᠡ ᠰᠢᠨᠤᠯ ᠦᠭᠡᠢ ᠂ ᠪᠣᠯᠪᠠᠰᠤᠷᠠᠯ ᠲᠠᠢ ᠬᠥᠮᠦᠰ ᠊ᠢ ᠪᠠᠭ᠎ᠠ ᠡᠴᠠ ᠨᠢ ᠪᠡᠯᠡᠳᠬᠡᠮᠡᠷ ᠪᠠᠢᠢᠨ᠎ᠠ ᠃ ᠪᠣᠯᠪᠠᠰᠤᠷᠠᠯ ᠭᠡᠳᠡᠭ ᠊ᠢ ᠳᠡᠯᠡᠬᠡᠢ ᠨᠡᠢᠢᠲᠡ ᠂ ᠮᠤᠩᠭᠤᠯ ᠤᠬᠠᠭᠠᠨ ᠳᠤ ᠶᠡᠬᠡ ᠥᠷᠭᠡᠨ ᠴᠠᠷ᠎ᠠ ᠬᠦᠷᠢᠶ᠎ᠡ ᠪᠡᠷ ᠬᠠᠷᠠᠵᠤ ᠪᠠᠢᠢᠭᠰᠠᠨ ᠃ ᠥᠨᠦᠳᠦᠷ ᠮᠤᠩᠭᠤᠯ ᠳᠤ ᠮᠡᠳᠡᠯᠭᠡ ᠴᠢᠳᠠᠪᠤᠷᠢᠲᠠᠢ ᠬᠥᠮᠦᠰ ᠪᠠᠢᠢᠭᠠᠳ ᠪᠠᠢᠢᠳᠠᠭ ᠂ ᠬᠠᠷᠢᠨ ᠪᠣᠯᠪᠠᠰᠤᠷᠠᠯ ᠲᠠᠢ ᠬᠥᠮᠦᠰ ᠬᠤᠮᠰᠠ ᠪᠣᠯᠤᠭᠠᠳ ᠪᠠᠢᠢᠨ᠎ᠠ ᠰᠢᠦ ᠃

ᠬᠤᠶᠠᠳᠤᠭᠠᠷ  ᠲᠤ ᠂ ᠮᠤᠩᠭᠤᠯ ᠤᠯᠤᠰ ᠪᠣᠯ ᠠᠭᠤᠤ ᠠᠭᠤᠳᠠᠮ ᠨᠤᠲᠤᠭ ᠲᠠᠢ ᠰᠠᠢᠢᠬᠠᠨ ᠡᠬᠡ ᠣᠷᠤᠨ᠃ ᠪᠢᠳᠠᠨ ᠪ ᠡᠪᠦᠭᠡ ᠳᠡᠭᠡᠳᠦᠰ ︽ᠪᠤᠷᠬᠠᠨ ᠭᠤᠶᠤᠭᠰᠠᠨ ᠴᠦ ᠪᠦᠦ ᠥᠭ︾ᠭᠡᠵᠦ ᠪᠢᠳᠠᠨ ᠳᠤ ᠵᠠᠬᠢᠭᠰᠠᠨ ᠃ ᠡᠭᠦᠨ ᠪ ᠲᠥᠯᠦᠭᠡ ᠦᠶ᠎ᠡ ᠦᠶ᠎ᠡ ᠪᠡᠷ ᠵᠢᠨᠨ ᠶᠠᠭᠠᠬᠢᠵᠤ ᠲᠡᠮᠡᠴᠡᠵᠦ ᠢᠷᠡᠭᠰᠡᠨ ᠊ᠢ ᠪᠢᠳᠠ ᠲᠡᠦᠬᠡ ᠡᠴᠡ᠂ ᠺᠢᠨᠣ᠋ ᠡᠴᠠ ᠬᠠᠷᠠᠭᠠᠳ ᠨᠢᠯᠪᠤᠰᠤ ᠤᠨᠠᠭᠠᠨ ᠦᠵᠡᠵᠦ ᠰᠠᠭᠤᠳᠠᠭ ᠃ ᠲᠡᠭᠡᠬᠦ ᠪᠡᠷ ᠠᠭᠤᠯᠠ ᠠᠭᠤᠷᠬᠠᠢ ᠵᠢ ᠬᠥᠭᠵᠢᠭᠦᠯᠵᠦ ᠂ ᠭᠠᠵᠠᠷ ᠵᠢᠨᠨ ᠤᠬᠤᠭᠠᠳ ᠪᠢᠳᠠᠨ  ᠳᠤ ᠶᠠᠮᠠᠷ ᠠᠰᠢᠭ ᠢᠷᠡᠭᠰᠡᠨ ᠶᠤᠮ ᠪᠤᠢ ᠃ ᠮᠤᠩᠭᠤᠯ  ᠤᠨ ᠭᠤᠷᠪᠠᠬᠠᠨ ᠰᠠᠶ᠎ᠠ ᠬᠥᠮᠦᠨ ᠊ᠢ ᠬᠠᠩᠭᠠᠯᠲᠠ ᠲᠠᠢ ᠲᠡᠵᠢᠭᠡᠬᠦ ᠬᠥᠷᠦᠩᠭᠡ ᠭᠠᠭᠴᠠᠬᠠᠨ ᠠᠭᠤᠷᠬᠠᠢ ᠡᠴᠠ ᠭᠠᠷᠴᠤ ᠢᠷᠠᠵᠤ ᠪᠠᠢᠢᠭ᠎ᠠ ᠰᠢᠦ  ᠳ᠋ᠸ ᠃ ᠭᠡᠲᠡᠯ᠎ᠡ ᠬᠡᠳᠦ ᠬᠡᠳᠦᠨ ᠠᠭᠤᠷᠬᠠᠢ ᠪᠠᠷ ᠵᠤᠭᠰᠤᠬᠤ ᠦᠭᠡᠢ ᠳᠠᠬᠢᠨ ᠳᠠᠬᠢᠨ ᠤᠬᠤᠭᠠᠳ ᠪᠠᠢᠢᠭ᠎ᠠ ᠡᠨᠡ ᠠᠭᠤᠯᠠ ᠠᠭᠤᠷᠬᠠᠢ ᠵᠢᠨ ᠯᠢᠼᠸᠨ‍ᠽ ᠤᠳ ᠊ᠢ ᠪᠦᠭᠦᠳᠡ ᠵᠢ ᠨᠢ ᠴᠤᠴᠠᠯᠵᠤ ᠥᠭᠭᠦᠨ᠎ᠡ  ᠤᠤ᠃

ᠤᠯᠢᠶᠠᠰᠤᠲᠠᠢ ᠰᠤᠮᠤ ᠵᠢᠨ ᠢᠷᠭᠡᠨ ᠲ᠊ · ᠪᠤᠯᠤᠳᠪᠠᠶᠠᠷ ᠄ ᠮᠠᠨ ᠪ ᠠᠢᠢᠮᠠᠭ ᠳᠤᠯᠠᠭᠠᠨ ᠪ ᠴᠠᠬᠢᠯᠭᠠᠨ ᠰᠲ᠋ᠠᠨᠼ ᠪᠠᠢᠢᠬᠤ ᠦᠭᠡᠢ ᠠᠢᠢᠮᠠᠭ  ᠤᠳ ᠤᠨ ᠨᠢᠭᠡ ᠃ ᠨᠡᠩ ᠲᠦᠷᠦᠭᠦᠨ ᠳ᠋ᠦ ᠳᠤᠯᠠᠭᠠᠨ ᠪ ᠴᠠᠬᠢᠯᠭᠠᠨ ᠰᠲ᠋ᠠᠨᠼ ᠬᠡᠷᠡᠭᠲᠡᠢ ᠪᠠᠢᠢᠨ᠎ᠠ ᠃ ᠳᠤᠯᠠᠭᠠᠨ ᠪ ᠴᠠᠬᠢᠯᠭᠠᠨ ᠰᠲ᠋ᠠᠨᠼ ᠲᠠᠢ ᠪᠣᠯᠪᠠᠯ ᠦᠢᠯᠡᠳᠪᠦᠷᠢ ᠪᠠᠷᠢᠬᠤ ᠮᠥᠩᠭᠥ ᠲᠠᠢ ᠵᠠᠯᠠᠭᠤᠴᠤᠳ ᠮᠠᠨ ᠪ ᠠᠢᠢᠮᠠᠭ ᠲᠤ ᠪᠠᠢᠢᠨ᠎ᠠ ᠃ ᠦᠢᠯᠡᠳᠪᠦᠷᠢ ᠳ᠋ᠦ ᠨᠡᠩ ᠲᠦᠷᠦᠭᠦᠨ ᠳ᠋ᠦ ᠳᠤᠯᠠᠭᠠᠨ ᠂ ᠤᠰᠤ ᠨᠢ ᠬᠡᠷᠡᠭᠲᠡᠢ ᠪᠠᠢᠢᠳᠠᠭ ᠃ ᠮᠥᠨ ᠮᠠᠨ ᠪ  ᠨᠤᠭᠤᠭᠠᠴᠢᠳ ᠲᠤ ᠨᠢᠭᠡ ᠠᠰᠠᠭᠤᠳᠠᠯ ᠪᠠᠢᠢᠨ᠎ᠠ ᠃ ᠤᠰᠤᠯᠠᠭᠠᠨ ᠪ ᠰᠤᠪᠠᠭ ᠨᠢ 1970 ᠬᠡᠳᠦᠨ ᠣᠨ ᠪ ᠬᠢ ᠂ ᠴᠥᠬᠡᠨ ᠭᠠ ᠭᠠᠵᠠᠷ ᠊ᠢ ᠤᠰᠤᠯᠠᠳᠠᠭ ᠰᠤᠪᠠᠭ ᠲᠠᠢ ᠃ ᠡᠭᠦᠨ ᠊ᠢ ᠳᠠᠷᠤᠢᠢᠬᠠᠨ  ᠲᠤᠮᠤᠰᠬᠠᠮᠠᠷ ᠪᠠᠢᠢᠬᠤ ᠶᠤᠮ ᠃ ᠰᠢᠢᠳᠦᠭᠡᠳ ᠥᠭᠴᠢᠬᠡᠪᠡᠯ ᠨᠤᠭᠤᠭᠠᠴᠢᠳ ᠮᠠᠨᠢ ᠤᠯᠠᠭᠠᠨ ᠰᠠᠷᠢᠮᠰᠠᠭ ᠪᠣᠯᠤᠨ ᠪᠤᠰᠤᠳ ᠲᠥᠷᠦᠯ  ᠤᠨ ᠨᠤᠭᠤᠭ᠎ᠠ ᠲᠠᠷᠢᠨ᠎ᠠ ᠃ ᠮᠥᠨ ᠨᠤᠭᠤᠭᠠᠴᠢᠳ ᠤᠨ ᠴᠠᠬᠢᠯᠭᠠᠨ ᠊ᠢ ᠨᠢ ᠲᠠᠲᠠᠭᠠᠳ ᠥᠭᠳᠡᠭ ᠪᠣᠯ ᠲᠡᠨᠳᠡ ᠪᠡᠨ ᠨᠤᠭᠤᠭ᠎ᠠ ᠪᠠᠨ ᠠᠷᠠᠴᠢᠯᠠᠵᠤ ᠂ ᠬᠠᠮᠠᠭᠠᠯᠠᠬᠤ ᠳᠤ ᠨᠢ ᠶᠡᠬᠡ ᠲᠤᠰᠠᠲᠠᠢ ᠪᠠᠢᠢᠬᠤ ᠪᠡᠷ ᠪᠠᠢᠢᠨ᠎ᠠ ᠃

ᠰᠡᠳᠬᠢᠭᠳᠡᠯ ᠦᠯᠡᠳᠡᠭᠡᠬᠦ