ᠺᠠᠨᠠᠳᠠ ᠤᠯᠤᠰ ᠦᠨ ᠡᠯᠴᠢᠨ ᠰᠠᠢᠢᠳ ᠪᠤᠯᠠᠭᠠᠨ ᠠᠢᠢᠮᠠᠭ ᠲᠤ ᠠᠵᠢᠯᠯᠠᠯ᠎ᠠ | News.MN

ᠺᠠᠨᠠᠳᠠ ᠤᠯᠤᠰ ᠦᠨ ᠡᠯᠴᠢᠨ ᠰᠠᠢᠢᠳ ᠪᠤᠯᠠᠭᠠᠨ ᠠᠢᠢᠮᠠᠭ ᠲᠤ ᠠᠵᠢᠯᠯᠠᠯ᠎ᠠ

 

ᠺᠠᠨᠠᠳᠠ ᠤᠯᠤᠰ ᠡᠴᠠ ᠮᠤᠩᠭᠤᠯ ᠤᠯᠤᠰ ᠲᠤ ᠰᠠᠭᠤᠭ᠎ᠠ ᠡᠯᠴᠢᠨ ᠰᠠᠢᠢᠳ ᠺᠠᠲᠷᠢᠨ ᠡ᠊·ᠢᠪᠺᠤᠹ ᠪᠤᠯᠠᠭᠠᠨ ᠠᠢᠢᠮᠠᠭ ᠲᠤ ᠠᠵᠢᠯᠯᠠᠵᠤ᠂ ᠠᠢᠢᠮᠠᠭ  ᠤᠨ ᠢᠷᠭᠡᠳ  ᠤᠨ ᠲᠥᠯᠦᠭᠡᠯᠡᠭᠴᠢᠳ ᠤᠨ ᠬᠤᠷᠠᠯ ᠤᠨ ᠢᠷᠭᠡᠨ ᠪ ᠲᠠᠩᠬᠢᠮ ᠪᠣᠯᠤᠨ ᠢᠷᠭᠡᠨ ᠪ ᠨᠡᠢᠢᠭᠡᠮ ᠤᠨ ᠪᠠᠢᠢᠭᠤᠯᠭ᠎ᠠ ᠵᠢᠨ ᠬᠠᠮᠲᠤ ᠵᠢᠨ ᠦᠢᠯᠡ ᠠᠵᠢᠯᠯᠠᠭ᠎ᠠ ᠲᠠᠢ ᠲᠠᠨᠢᠯᠴᠠᠵᠤ᠂ ᠮᠡᠳᠡᠭᠡᠯᠡᠯ ᠰᠤᠯᠢᠯᠴᠠᠬᠤ ᠠᠭᠤᠯᠵᠠᠯᠲᠠ ᠶᠠᠷᠢᠯᠴᠠᠯᠭ᠎ᠠ ᠬᠢᠯ᠎ᠡ᠃︽ᠠᠪᠯᠢᠭ᠎ᠠ ᠦᠭᠡᠢ ᠨᠡᠢᠢᠭᠡᠮ  ᠤᠨ ᠲᠥᠯᠦᠭᠡᠬᠢ ᠢᠷᠭᠡᠳ ᠤᠨ ᠣᠷᠤᠯᠴᠠᠭ᠎ᠠ︾ᠲᠥᠰᠦᠯ  ᠤᠨ ᠬᠦᠷᠢᠶᠡᠨ ᠳ᠋ᠦ ᠪᠤᠯᠠᠭᠠᠨ ᠠᠢᠢᠮᠠᠭ ᠲᠤ 2019– 2020 ᠣᠨ ᠳᠤ ᠬᠡᠷᠡᠭᠵᠢᠭᠦᠯᠦᠭᠰᠡᠨ ᠮᠤᠨᠢᠲ᠋ᠤᠷᠢᠨ ᠤ ᠠᠵᠢᠯ ᠤᠨ ᠦᠷ᠎ᠡ ᠳ᠋ᠦᠩ ᠤᠨ ᠲᠠᠯ᠎ᠠ ᠪᠡᠷ ᠡᠯᠴᠢᠨ ᠰᠠᠢᠢᠳ ᠲᠤ ᠲᠤᠪᠴᠢ ᠲᠠᠨᠢᠯᠴᠠᠭᠤᠯᠵᠤ᠂ ᠴᠠᠭᠠᠰᠢᠳᠠ ᠢᠷᠭᠡᠨ ᠪ ᠨᠡᠢᠢᠭᠡᠮ ᠤᠨ ᠪᠠᠢᠢᠭᠤᠯᠭ᠎ᠠ ᠨᠤᠭᠤᠳ ᠲᠠᠢ ᠬᠠᠮᠲᠤᠷᠠᠨ ᠠᠵᠢᠯᠯᠠᠬᠤ ᠴᠢᠭᠯᠡᠯ ᠵᠢᠨᠷ ᠰᠠᠨᠠᠯ ᠰᠤᠯᠢᠯᠴᠠᠭᠰᠠᠨ ᠪᠠᠢᠢᠨ᠎ᠠ ᠃ ᠡᠯᠴᠢᠨ ᠰᠠᠢᠢᠳ ᠢᠷᠭᠡᠨ ᠪ ᠨᠡᠢᠢᠭᠡᠮ ᠤᠨ ᠪᠠᠢᠢᠭᠤᠯᠭ᠎ᠠ ᠵᠢᠨ ᠰᠠᠨᠠᠭᠠᠴᠢᠯᠠᠭ᠎ᠠ ᠪᠡᠷ ᠬᠤᠶᠠᠷ ᠤᠳᠠᠭ᠎ᠠ ᠵᠤᠬᠢᠶᠠᠨ ᠪᠠᠢᠢᠭᠤᠯᠤᠭᠰᠠᠨ ᠨᠡᠢᠢᠲᠡ ᠵᠢᠨ ᠰᠤᠨᠤᠰᠬᠠᠯ ᠤᠨ ᠦᠷ᠎ᠡ ᠳ᠋ᠦᠩ ᠤᠨ ᠲᠠᠯ᠎ᠠ ᠪᠡᠷ ᠰᠠᠨᠠᠯ ᠰᠤᠯᠢᠯᠴᠠᠵᠤ ᠂ 2020 – 2021 ᠣᠨ ᠳᠤ ᠬᠡᠷᠡᠭᠵᠢᠭᠦᠯᠬᠦ ᠺᠠᠨᠠᠳᠠ ᠵᠢᠨ ᠰᠠᠩ  ᠤᠨ ᠲᠥᠰᠦᠯ ᠤᠨ ᠤᠳᠤᠷᠢᠳᠤᠮᠵᠢ ᠵᠢᠨ ᠲᠠᠯ᠎ᠠ ᠪᠡᠷ ᠠᠭᠤᠯᠵᠠᠯᠲᠠ ᠳᠤ ᠤᠷᠤᠯᠴᠠᠭᠰᠠᠳ ᠲᠤ ᠲᠠᠨᠢᠯᠴᠠᠭᠤᠯᠪᠠ ᠃

ᠠᠭᠤᠯᠵᠠᠯᠲᠠ ᠳᠤ ᠠᠢᠢᠮᠠᠭ  ᠤᠨ ᠢᠷᠭᠡᠳ  ᠤᠨ ᠲᠥᠯᠦᠭᠡᠯᠡᠭᠴᠢᠳ  ᠤᠨ ᠬᠤᠷᠠᠯ  ᠤᠨ ᠲᠥᠯᠦᠭᠡᠯᠡᠭᠴᠢ ᠲᠡᠷᠢᠭᠦᠯᠡᠭᠴᠢ ᠫ᠊·ᠣᠶᠤᠨᠴᠡᠴᠡᠭ᠂ ᠢᠷᠭᠡᠳ ᠤᠨ ᠲᠥᠯᠦᠭᠡᠯᠡᠭᠴᠢᠳ ᠤᠨ ᠬᠤᠷᠠᠯ ᠤᠨ ᠢᠷᠭᠡᠨ ᠪ ᠲᠠᠩᠬᠢᠮ ᠤᠨ ᠮᠡᠷᠭᠡᠵᠢᠯᠲᠡᠨ ᠴ᠊·ᠠᠷᠢᠭᠤᠨ ᠂︽ᠪᠤᠯᠠᠭᠠᠨ ᠮᠠᠩᠯᠠᠢᠢᠯᠠᠯ︾ᠲᠥᠷᠦ ᠵᠢᠨ ᠪᠤᠰᠤ ᠪᠠᠢᠢᠭᠤᠯᠭ᠎ᠠ ᠵᠢᠨ ᠲᠡᠷᠢᠭᠦᠨ ᠠ᠊·ᠭᠠᠩᠪᠣᠯᠤᠳ ᠨᠠᠷ  ᠣᠷᠤᠯᠴᠠᠯ᠎ᠠ ᠃

ᠰᠡᠳᠬᠢᠭᠳᠡᠯ ᠦᠯᠡᠳᠡᠭᠡᠬᠦ