ᠮᠤᠩᠭᠤᠯ ᠤᠨ ᠣᠶᠤᠲᠠᠨ ᠪ ᠰᠫᠣᠷᠲ ᠤᠨ ᠬᠤᠯᠪᠣᠭᠠᠨ ᠡᠴᠠ︽ᠣᠯᠠᠨ ᠤᠯᠤᠰ ᠤᠨ ᠣᠶᠤᠲᠠᠨ ᠪ ᠰᠫᠣᠷᠲ ᠤᠨ ᠡᠳᠦᠷ︾ ᠢ ᠲᠤᠬᠢᠶᠠᠯᠳᠤᠭᠤᠯᠤᠨ ᠣᠶᠤᠲᠠᠨ ᠪ ᠪᠤᠤᠬᠢᠶ᠎ᠠ ᠭᠦᠶᠦᠯᠲᠡ ᠵᠢᠨ ᠲᠡᠮᠡᠴᠡᠭᠡᠨ ᠊ᠢ ᠡᠨᠡ ᠨᠢᠮ᠎ᠠ ᠭᠠᠷᠠᠭ ᠲᠤ ᠦᠨᠳᠦᠰᠦᠨ ᠪ ᠴᠡᠴᠡᠷᠯᠢᠭᠲᠦ ᠬᠦᠷᠢᠶᠡᠯᠡᠩ ᠳ᠋ᠦ ᠵᠤᠬᠢᠶᠠᠨ ᠪᠠᠢᠢᠭᠤᠯᠤᠨ᠎ᠠ ᠃
︽ᠪᠢᠳᠠ ᠬᠠᠮᠲᠤ ᠳ᠋ᠤ ᠪᠠᠨ︾ᠤᠷᠢᠶ᠎ᠠ ᠲᠠᠢ ᠲᠤᠰ ᠲᠡᠮᠡᠴᠡᠭᠡᠨ ᠊ᠢ 19,920 ᠮᠧᠲ᠋ᠷ ᠤᠨ ᠵᠠᠢ ᠳᠤ ᠵᠤᠬᠢᠶᠠᠬᠤ ᠪᠠ ᠶᠡᠬᠡ ᠳᠡᠭᠡᠳᠦ ᠰᠤᠷᠭᠠᠭᠤᠯᠢ ᠨᠤᠭᠤᠳ ᠨᠢᠭᠡ ᠪᠠᠭ ᠲᠤ ᠳᠥᠷᠪᠡᠨ ᠣᠶᠤᠲᠠᠨ ︵ᠨᠢᠭᠡ ᠡᠮᠡᠭᠲᠡᠢ︶ᠨᠢᠭᠡ ᠪᠠᠭᠰᠢ ᠨᠡᠢᠢᠲᠡ ᠲᠠᠪᠤᠨ ᠬᠥᠮᠦᠨ ᠪ ᠪᠦᠷᠢᠯᠳᠦᠬᠦᠨ ᠲᠠᠢ ᠣᠷᠤᠯᠴᠠᠬᠤ ᠡᠷᠬᠡ ᠲᠠᠢ ᠃ ᠵᠢᠭᠠᠪᠤᠷᠢ ᠵᠢᠨ ᠳᠠᠭᠠᠤ ᠨᠢᠭᠡ ᠣᠶᠤᠲᠠᠨ ᠲᠠᠮᠢᠷᠴᠢᠨ 4980 ᠮᠧᠲ᠋ᠷ ᠤᠨ ᠵᠠᠢ ᠵᠢ ᠲᠤᠭᠤᠯᠤᠨ ᠭᠦᠶᠦᠬᠦ ᠪᠥᠭᠡᠳ ᠲᠡᠷᠡ ᠬᠦ ᠣᠶᠤᠲᠠᠨ ᠡᠴᠠ ᠪᠤᠤᠬᠢᠶ᠎ᠠ ᠵᠢ ᠠᠪᠬᠤ ᠬᠡᠯᠪᠡᠷᠢ ᠪᠡᠷ ᠳᠠᠷᠠᠭ᠎ᠠ ᠵᠢᠨ ᠤᠶᠤᠲᠠᠳ ᠢᠵᠢᠯ ᠵᠠᠢ ᠵᠢ ᠲᠤᠭᠤᠯᠵᠤ ᠬᠤᠷᠳᠤ ᠬᠦᠴᠦ ᠪᠡᠨ ᠰᠤᠷᠢᠬᠤ ᠶᠤᠮ ᠃