ᠡᠳ᠋ ᠤᠨ ᠵᠠᠰᠠᠭ ᠢᠷᠡᠬᠦ ᠣᠨ ᠳᠤ 5.1 ᠬᠤᠪᠢ ᠪᠡᠷ ᠥᠰᠦᠨ᠎ᠡ | News.MN

ᠡᠳ᠋ ᠤᠨ ᠵᠠᠰᠠᠭ ᠢᠷᠡᠬᠦ ᠣᠨ ᠳᠤ 5.1 ᠬᠤᠪᠢ ᠪᠡᠷ ᠥᠰᠦᠨ᠎ᠡ

 

ᠠᠽᠢᠶ᠎ᠠ ᠵᠢᠨ ᠬᠥᠭᠵᠢᠯ  ᠤᠨ ᠪᠠᠩᠬᠢ ᠡᠴᠠ ︽ᠠᠽᠢᠶ᠎ᠠ ᠵᠢᠨ ᠬᠥᠭᠵᠢᠯ ᠤᠨ ᠰᠢᠨᠡᠴᠢᠯᠡᠭᠰᠡᠨ ᠲᠥᠯᠦᠪ 2020︾ᠲᠠᠢᠢᠯᠤᠨ ᠊ᠢ ᠥᠴᠦᠭᠡᠳᠦᠷ ᠲᠠᠨᠢᠯᠴᠠᠭᠤᠯᠪᠠ᠃ ᠡᠨᠡ ᠣᠨ ᠪ ᠡᠬᠢᠨ ᠪ ᠬᠠᠭᠠᠰ ᠵᠢᠯ ᠳ᠋ᠦ ᠮᠠᠨ ᠪ ᠤᠯᠤᠰ  ᠤᠨ ᠡᠳ᠋  ᠤᠨ ᠵᠠᠰᠠᠭ 9.7 ᠬᠤᠪᠢ ᠪᠡᠷ ᠠᠭᠰᠢᠵᠤ᠂ ᠡᠺᠰᠫᠣᠷᠲ  ᠤᠨ ᠬᠡᠮᠵᠢᠶ᠎ᠡ 31.2 ᠬᠤᠪᠢ ᠪᠡᠷ ᠪᠠᠭᠤᠷᠠᠵᠤ᠂ ᠤᠷᠤᠰᠬᠠᠯ ᠳᠠᠩᠰᠠᠨ ᠪ ᠠᠯᠳᠠᠭᠳᠠᠯ ᠳᠤᠲᠤᠭᠠᠳᠤ ᠵᠢᠨ ᠨᠡᠢᠢᠲᠡ ᠪᠦᠲᠦᠭᠡᠭᠳᠡᠬᠦᠨ ᠪ 14.7 ᠬᠤᠪᠢ ᠬᠦᠷᠲᠡᠯ᠎ᠡ ᠥᠰᠴᠡᠢ᠃ ᠮᠥᠨ ᠵᠢᠷᠭᠤᠭᠠᠨ ᠰᠠᠷ᠎ᠠ ᠵᠢᠨ ᠬᠤᠭᠤᠴᠠᠭᠠᠨ ᠳᠤ ᠸᠠᠯᠢᠶᠤᠲ  ᠤᠨ ᠨᠥᠭᠡᠴᠡ 18.2 ᠬᠤᠪᠢ ᠪᠡᠷ ᠪᠠᠭᠠᠰᠤᠭᠰᠠᠨ ᠪᠣᠯ 27939 ᠢᠷᠭᠡᠨ ᠠᠵᠢᠯ ᠦᠭᠡᠢ ᠪᠣᠯᠤᠭᠰᠠᠨ ᠶᠤᠮ᠃ ᠡᠨᠡ ᠨᠢ ᠳᠡᠭᠡᠷᠡᠬᠢ ᠪᠠᠩᠬᠢ ᠡᠴᠠ ᠥᠩᠭᠡᠷᠡᠭᠰᠡᠨ ᠳᠥᠷᠪᠡᠳᠦᠭᠡᠷ ᠰᠠᠷ᠎ᠠ ᠳᠤ ᠭᠠᠷᠭᠠᠭᠰᠠᠨ ᠲᠥᠰᠦᠭᠡᠯᠡᠯ ᠡᠴᠡ ᠪᠦᠬᠦ ᠦᠵᠡᠭᠦᠯᠦᠯᠲᠡ ᠪᠡᠷ ᠵᠢᠨᠨ ︽ᠮᠠᠭᠤᠳᠠᠭᠰᠠᠨ︾ᠳ᠋ᠦᠩ ᠭᠡᠨ᠎ᠡ ᠃ ᠲᠡᠭᠡᠪᠡᠯ ᠣᠨ ᠪ ᠡᠴᠦᠰ ᠲᠦ ᠡᠳ᠋  ᠤᠨ ᠵᠠᠰᠠᠭ 2.6 ᠬᠤᠪᠢ ᠪᠡᠷ ᠠᠭᠰᠢᠵᠤ ᠂ ᠳᠤᠮᠳᠠᠴᠢ ᠢᠨᠹᠯᠢᠶᠠᠼ 5.6 ᠬᠤᠪᠢ ᠲᠠᠢ ᠪᠠᠢᠢᠬᠤ ᠲᠥᠰᠦᠭᠡᠯᠡᠯ ᠊ᠢ ᠲᠠᠨᠢᠯᠴᠠᠭᠤᠯᠪᠠ ᠃ ᠮᠥᠨ ᠮᠤᠩᠭᠤᠯ ᠤᠯᠤᠰ ᠤᠨ ᠡᠳ᠋  ᠤᠨ ᠵᠠᠰᠠᠭ ᠢᠷᠡᠬᠦ ᠣᠨ ᠳᠤ 5.1 ᠬᠤᠪᠢ ᠪᠡᠷ ᠥᠰᠦᠨ ᠂ ᠢᠨᠹᠯᠢᠶᠠᠼ 8.2 ᠨᠢᠭᠡᠴᠢ ᠳ᠋ᠦ ᠬᠦᠷᠬᠦ ᠲᠠᠭᠠᠮᠠᠭ ᠭᠠᠷᠭᠠᠵᠠᠢ ᠃ ᠡᠳ᠋  ᠤᠨ ᠵᠠᠰᠠᠭ ᠡᠢᠢᠨ ᠬᠦ ᠰᠡᠷᠭᠦᠬᠦ ᠳ᠋ᠦ ᠨᠡᠭᠦᠷᠡᠰᠦ ᠂ ᠲᠡᠮᠦᠷ ᠤᠨ ᠬᠦᠳᠡᠷ ᠤᠨ ᠪᠣᠷᠤᠯᠠᠭᠤᠯᠤᠯᠲᠠ ᠵᠢᠨ ᠬᠡᠮᠵᠢᠶ᠎ᠡ ᠥᠰᠦᠨ ᠂ ᠣᠯᠠᠨ ᠤᠯᠤᠰ ᠤᠨ ᠵᠠᠬ᠎ᠠ ᠵᠡᠭᠡᠯᠢ ᠳ᠋ᠦ ᠠᠯᠲᠠ ᠂ ᠵᠡᠰ ᠤᠨ ᠬᠠᠩᠰᠢ ᠨᠡᠮᠡᠭᠳᠡᠵᠦ ᠪᠤᠢ ᠨᠢ ᠳᠡᠮᠵᠢᠯᠭᠡ ᠪᠣᠯᠬᠤ ᠵᠢ ᠲᠤᠰ ᠪᠠᠩᠬᠢ ᠵᠢᠨ ᠠᠬᠠᠯᠠᠬᠤ ᠡᠳ᠋ ᠤᠨ ᠵᠠᠰᠠᠭᠴᠢ ᠰ᠊ · ᠪᠣᠯᠤᠳ ᠳᠤᠷᠠᠳᠤᠯ᠎ᠠ ᠃ ᠭᠡᠬᠦ ᠳ᠋ᠦ ᠪᠡᠨ ᠴᠠᠷ᠎ᠠ ᠲᠠᠬᠤᠯ ᠤᠨ ᠨᠥᠯᠦᠭᠡ ᠪᠡᠷ ᠠᠵᠢᠯ ᠦᠭᠡᠢᠢᠳᠡᠯ ᠨᠡᠮᠡᠭᠳᠡᠭᠰᠡᠨ᠂ ᠭᠠᠳᠠᠭᠠᠳᠤ ᠥᠷᠢ ᠲᠥᠯᠦᠬᠦ ᠬᠤᠭᠤᠴᠠᠭ᠎ᠠ ᠳᠠᠪᠬᠤᠴᠠᠨ ᠂ ᠲᠥᠰᠦᠪ ᠤᠨ ᠠᠯᠳᠠᠭᠳᠠᠯ ᠥᠰᠦᠭᠰᠡᠨ ᠵᠡᠷᠭᠡ ᠡᠴᠡ ᠰᠢᠯᠲᠠᠭᠠᠯᠠᠨ ᠡᠳ᠋ ᠤᠨ ᠵᠠᠰᠠᠭ ᠤᠨ ᠨᠥᠬᠥᠴᠡᠯ ᠳᠡᠭᠡᠷᠡᠳᠡᠬᠦ ᠦᠭᠡᠢ ᠪᠠᠢᠢᠬᠤ ᠮᠠᠭᠠᠳᠯᠠᠯ ᠲᠠᠢ ᠭᠡᠪᠡ ᠃ ᠲᠡᠭᠦᠨᠴᠢᠯᠡᠨ ᠠᠽᠢᠶ᠎ᠠ ᠵᠢᠨ ᠬᠥᠭᠵᠢᠯ ᠤᠨ ᠪᠠᠩᠬᠢ ᠶᠢᠨ ᠰᠠᠭᠤᠷᠢᠨ ᠲᠥᠯᠦᠭᠡᠯᠡᠭᠴᠢ ᠵᠢᠨ ᠣᠷᠤᠯᠠᠭᠴᠢ  ᠳ᠋ᠸᠺᠯᠠᠨ  ᠮᠠᠭᠢ᠄︽ᠴᠠᠷ᠎ᠠ ᠲᠠᠬᠤᠯ  ᠦᠨ ᠳᠠᠷᠠᠭ᠎ᠠ ᠤᠯᠤᠰ ᠣᠷᠤᠨ ᠨᠤᠭᠤᠳ ᠡᠳ᠋  ᠤᠨ ᠵᠠᠰᠠᠭ ᠵᠢᠨᠨ ᠰᠡᠷᠭᠦᠭᠡᠬᠦ ᠂ ᠠᠵᠢᠯ ᠦᠭᠡᠢᠢᠳᠡᠯ ᠊ᠢ ᠪᠠᠭᠤᠷᠠᠭᠤᠯᠵᠤ ᠂  ᠦᠢᠯᠡᠳᠪᠤᠷᠢᠵᠢᠯᠲᠡ ᠪᠠᠨ ᠨᠡᠮᠡᠭᠳᠡᠭᠦᠯᠬᠦ ᠳ᠋ᠦ ᠠᠩᠬᠠᠷᠬᠤ ᠵᠠᠢᠢᠯᠠᠰᠢ ᠦᠭᠡᠢ ᠱᠠᠭᠠᠷᠳᠠᠯᠭ᠎ᠠ ᠲᠤᠯᠭᠠᠷᠠᠨ᠎ᠠ ᠃ ᠪᠣᠭᠤᠨᠢ ᠬᠤᠭᠤᠴᠠᠭᠠᠨ ᠳᠦ ᠬᠥᠯ ᠳᠡᠭᠡᠷ᠎ᠡ ᠪᠡᠨ ᠪᠣᠰᠬᠤ ᠵᠢᠨ ᠲᠤᠯᠠᠳᠠ ᠶᠠᠭᠤᠨ ᠪ ᠲᠦᠷᠦᠭᠦᠨ ᠳ᠋ᠦ ᠬᠥᠮᠦᠨ ᠠᠮᠠ ᠵᠢᠨ ᠡᠷᠡᠭᠦᠯ ᠮᠡᠨᠳᠦ ᠵᠢᠨ ᠡᠳ᠋ ᠤᠨ ᠵᠠᠰᠠᠭ ᠊ᠢ ᠬᠥᠭᠵᠢᠭᠦᠯᠬᠦ ᠵᠢ ᠴᠢᠬᠤᠯᠠᠴᠢᠯᠠᠬᠤ ᠤᠴᠢᠷᠲᠠᠢ ︾ ᠭᠡᠯ᠎ᠡ ᠃ ᠲᠡᠭᠦᠨᠴᠢᠯᠡᠨ ᠤᠯᠤᠰ ᠤᠨ ᠬᠡᠮᠵᠢᠶᠡᠨ ᠳ᠋ᠦ ᠡᠳ᠋ ᠦ᠋ᠨ ᠵᠠᠰᠠᠭ ᠵᠢᠨᠨ ᠴᠢᠳᠠᠪᠬᠢᠵᠢᠭᠤᠯᠬᠤ ᠂ ᠪᠦᠬᠦ ᠰᠠᠯᠪᠤᠷᠢ ᠳ᠋ᠡᠬᠢ ᠲᠧᠭᠨᠤᠯᠤᠬᠢ ᠵᠢ ᠰᠠᠢᠢᠵᠢᠷᠠᠭᠤᠯᠵᠤ ᠂ ᠨᠤᠭᠤᠭᠠᠨ ᠡᠳ᠋  ᠤᠨ ᠵᠠᠰᠠᠭ ᠊ᠢ ᠬᠥᠭᠵᠢᠭᠦᠯᠬᠦ ᠂ ᠥᠷᠢᠰᠦᠯᠳᠦᠬᠦ ᠴᠢᠳᠠᠪᠤᠷᠢ ᠪᠠᠨ ᠳᠡᠭᠡᠭᠰᠢᠯᠡᠭᠦᠯᠬᠦ ᠴᠤᠭᠴᠠ ᠪᠣᠳᠤᠯᠭ᠎ᠠ ᠬᠡᠷᠡᠭᠵᠢᠭᠦᠯᠬᠦ ᠨᠢ ᠴᠠᠷ᠎ᠠ ᠲᠠᠬᠤᠯ ᠤᠨ ᠦᠶ᠎ᠡ ᠳ᠋ᠦ ᠪᠣᠯᠤᠨ ᠳᠠᠷᠠᠭ᠎ᠠ ᠨᠡᠢᠢᠭᠡᠮ ᠂ ᠡᠳ᠋  ᠤᠨ ᠵᠠᠰᠠᠭ ᠲᠤ ᠭᠠᠷᠬᠤ ᠰᠥᠷᠬᠦ ᠨᠥᠯᠦᠭᠡ ᠵᠢ ᠪᠠᠭᠤᠷᠠᠭᠤᠯᠵᠤ ᠂ ᠬᠢᠮᠤᠷᠠᠯ ᠡᠴᠠ ᠰᠡᠷᠭᠡᠢᠢᠯᠡᠬᠦ ᠳ᠋ᠦ ᠳᠡᠮ ᠪᠣᠯᠬᠤ ᠵᠢ ᠣᠨᠴᠠᠯᠠᠪᠠ ᠃

ᠰᠡᠳᠬᠢᠭᠳᠡᠯ ᠦᠯᠡᠳᠡᠭᠡᠬᠦ