︽ᠶᠡᠬᠡ ᠬᠤᠷᠠᠯᠳᠠᠢ ᠴᠤᠭᠴᠠᠯᠠᠪᠤᠷᠢ ︾ ᠪᠠᠷᠢᠵᠤ ᠪᠠᠢᠢᠨ᠎ᠠ | News.MN

 ︽ᠶᠡᠬᠡ ᠬᠤᠷᠠᠯᠳᠠᠢ ᠴᠤᠭᠴᠠᠯᠠᠪᠤᠷᠢ ︾ ᠪᠠᠷᠢᠵᠤ ᠪᠠᠢᠢᠨ᠎ᠠ

 

ᠬᠡᠨᠲᠡᠢ ᠠᠢᠢᠮᠠᠭ ᠲᠤ ᠰᠡᠭᠦᠯ ᠤᠨ ᠬᠡᠳᠦᠨ ᠵᠢᠯ ᠳ᠋ᠦ ᠬᠢᠭᠡ ᠦᠭᠡᠢ ᠲᠤᠮᠤᠬᠠᠨ ᠪᠦᠲᠦᠭᠡᠨ ᠪᠠᠢᠢᠭᠤᠯᠤᠯᠲᠠ ᠨᠤᠭᠤᠳ ᠥᠷᠨᠢᠵᠦ ᠪᠠᠢᠢᠭ᠎ᠠ ᠬᠡᠳᠦᠢ ᠴᠦ ᠴᠠᠬᠢᠮ ᠶᠢᠷᠲᠢᠨᠴᠦ ᠳ᠋ᠦ ᠰᠡᠳᠬᠢᠭᠳᠡᠯ ᠤᠳ ᠲᠤᠩ ᠴᠦ ᠲᠠᠭ᠎ᠠ ᠦᠭᠡᠢ ᠪᠠᠢᠢᠨ᠎ᠠ᠃ ᠬᠡᠨᠲᠡᠢ ᠠᠢᠢᠮᠠᠭ ᠲᠤ 2018 ᠣᠨ ᠳᠤ 58.3 ᠲᠡᠷᠪᠤᠮ᠂ 2019 ᠣᠨ ᠳᠤ 84.7 ᠲᠡᠷᠪᠤᠮ ᠲᠥᠭᠥᠷᠢᠭ ᠤᠨ ᠬᠥᠷᠦᠩᠭᠡ ᠣᠷᠤᠭᠤᠯᠤᠯᠲᠠ ᠪᠠᠷ ᠪᠦᠲᠦᠭᠡᠨ ᠪᠠᠢᠢᠭᠤᠯᠤᠯᠲᠠ ᠵᠢᠨ ᠠᠵᠢᠯ ᠤᠳ ᠬᠢᠵᠦ ᠪᠠᠢᠢᠭᠰᠠᠨ ᠪᠣᠯ 2020 ᠣᠨ ᠳᠤ 130 ᠭᠠᠷᠤᠢ ᠲᠡᠷᠪᠤᠮ ᠲᠥᠭᠥᠷᠢᠭ ᠤᠨ ᠪᠦᠲᠦᠭᠡᠨ ᠪᠠᠢᠢᠭᠤᠯᠤᠯᠲᠠ ᠵᠢᠨ ᠠᠵᠢᠯ ᠤᠳ ᠊ᠢ ᠬᠢᠵᠦ ᠡᠬᠢᠯᠡᠭᠡᠳ ᠪᠠᠢᠢᠨ᠎ᠠ ᠃

ᠳᠠᠳᠤᠯ᠂ ᠪᠠᠲᠤᠨᠤᠷᠪᠤ ᠂ ᠨᠤᠷᠪᠤᠯᠢᠨ᠂ ᠳᠡᠯᠭᠡᠷ ᠬᠠᠨ᠂ ᠪᠢᠨᠳᠡᠷ᠂ ᠪᠡᠷᠬᠡ ᠰᠤᠮᠤᠨ  ᠳᠦ ᠨᠡᠢᠢᠲᠡ ᠵᠢᠷᠭᠤᠭᠠᠨ ᠴᠤᠭᠴᠠᠯᠠᠪᠤᠷᠢ ᠵᠢ ᠪᠠᠢᠢᠭᠤᠯᠬᠤ ᠪᠡᠷ ᠪᠦᠲᠦᠭᠡᠨ ᠪᠠᠢᠢᠭᠤᠯᠤᠯᠲᠠ ᠵᠢᠨ ᠠᠵᠢᠯ ᠊ᠢ ᠡᠬᠢᠯᠡᠭᠦᠯᠦᠭᠰᠡᠨ᠃ ᠮᠤᠩᠭᠤᠯ ᠤᠯᠤᠰ ᠲᠤ ᠬᠠᠮᠤᠭ ᠤᠨ ᠶᠡᠬᠡ ᠤᠭᠠᠯᠵᠠ᠂ ᠰᠡᠢᠢᠯᠪᠦᠷᠢ ᠲᠠᠢ ᠪᠦᠲᠦᠭᠡᠨ ᠪᠠᠢᠢᠭᠤᠯᠤᠯᠲᠠ ᠪᠣᠯᠬᠤ ︽ᠶᠡᠬᠡ ᠬᠤᠷᠠᠯᠳᠠᠢ ᠴᠤᠭᠴᠠᠯᠠᠪᠤᠷᠢ︾ ᠶᠢ  ᠪᠢᠨᠳᠡᠷ ᠰᠤᠮᠤᠨ ᠳᠤ ᠪᠠᠷᠢᠵᠤ ᠪᠠᠢᠢᠨ᠎ᠠ᠃ 1206 ᠣᠨ ᠳᠤ ᠮᠤᠩᠭᠤᠯ ᠲᠥᠷᠦ ᠵᠢᠨ︽ᠶᠡᠬᠡ ᠬᠤᠷᠠᠯᠳᠠᠢ︾ᠶᠠᠮᠠᠷ ᠣᠷᠳᠣ ᠥᠷᠭᠥᠭᠡᠨ ᠳ᠋ᠦ ᠬᠤᠷᠠᠯᠳᠤᠭᠰᠠᠨ ᠲᠠᠯ᠎ᠠ ᠪᠡᠷ ᠲᠡᠤᠬᠡᠴᠢᠳ ᠢᠶᠠᠷ ᠰᠤᠳᠤᠯᠤᠭᠤᠯᠤᠭᠰᠠᠨ ᠤ ᠦᠨᠳᠦᠰᠦᠨ ᠳᠡᠭᠡᠷ᠎ᠡ ᠤᠭ ᠴᠤᠭᠴᠠᠯᠠᠪᠤᠷᠢ ᠵᠢᠨ ᠵᠢᠷᠤᠭ ᠲᠥᠰᠦᠯ ᠊ᠢ ᠭᠠᠷᠭᠠᠵᠠᠢ ᠃ ᠨᠡᠢᠢᠲᠡ 125 ᠭᠠ ᠭᠠᠵᠠᠷ ᠊ᠢ ᠬᠠᠮᠤᠷᠤᠭᠤᠯᠤᠨ ᠪᠠᠢᠢᠭᠠᠯᠢ ᠣᠷᠴᠢᠨ ᠪ ᠤᠨᠠᠭᠠᠨ ᠲᠥᠷᠬᠦ ᠵᠢ ᠲᠤᠳᠤᠳᠬᠠᠭᠰᠠᠨ ᠤᠭ ᠴᠤᠭᠴᠠᠯᠠᠪᠤᠷᠢ ᠵᠢᠨ ᠭᠤᠤᠯ ᠥᠷᠭᠥᠭᠡ ᠨᠢ 21 ᠮᠧᠲ᠋ᠷ ᠤᠨ ᠥᠨᠳᠦᠷ ᠲᠠᠢ ᠂ 300 ᠬᠥᠮᠦᠨ ᠪ ᠪᠠᠭᠲᠠᠭᠠᠮᠵᠢ ᠲᠠᠢ ᠂ ᠮᠥᠩᠭᠥᠯᠢᠭ ᠴᠠᠭᠠᠨ ᠣᠷᠳᠤᠨ ᠪᠠᠢᠢᠬᠤ ᠶᠤᠮ ᠃

ᠰᠡᠳᠬᠢᠭᠳᠡᠯ ᠦᠯᠡᠳᠡᠭᠡᠬᠦ