ᠪᠣᠭᠳ᠋ᠠ ᠬᠠᠭᠠᠨ ᠪ ᠮᠦᠽᠧᠢ ᠵᠢ ᠰᠢᠯᠢᠳ᠋ᠡᠭ ᠵᠢᠨᠷ ᠰᠢᠯᠭᠠᠷᠠᠭᠤᠯᠤᠯ᠎ᠠ | News.MN

ᠪᠣᠭᠳ᠋ᠠ ᠬᠠᠭᠠᠨ ᠪ ᠮᠦᠽᠧᠢ ᠵᠢ ᠰᠢᠯᠢᠳ᠋ᠡᠭ ᠵᠢᠨᠷ ᠰᠢᠯᠭᠠᠷᠠᠭᠤᠯᠤᠯ᠎ᠠ

ᠳᠡᠯᠡᠬᠡᠢ ᠵᠢᠨ ᠨᠡᠷ᠎ᠡ ᠬᠦᠨᠳ᠋ᠦᠲᠡᠢ Tripadvisor ᠰᠠᠢᠢᠲ︽ᠠᠶᠠᠯᠠᠭᠴᠢᠳ  ᠤᠨ ᠰᠤᠩᠭᠤᠯᠲᠠ – 2020︾ ᠶᠢᠨ ᠰᠢᠯᠢᠳ᠋ᠡᠭ ᠵᠢᠨᠷ ᠮᠤᠩᠭᠤᠯ ᠤᠨ ᠪᠣᠭᠳ᠋ᠠ ᠬᠠᠭᠠᠨ ᠪ ᠣᠷᠳ᠋ᠤᠨ ᠮᠦᠽᠧᠢ ᠵᠢ ᠣᠨᠴᠠᠯᠠᠵᠠᠢ ᠃ ᠴᠠᠬᠢᠮ ᠰᠦᠯᠵᠢᠶᠡᠨ ᠳ᠋ᠦ ᠢᠷᠭᠡᠳ ᠤᠨ ᠨᠡᠢᠢᠲᠡᠯᠡᠭ᠍ᠰᠡᠨ ᠰᠡᠳᠬᠢᠭ᠍ᠳ᠋ᠡᠯ ᠂ ᠰᠢᠭᠦᠮᠵᠢ ᠂ ᠮᠡᠳ᠋ᠡᠭᠡᠯᠡᠯ ᠳ᠋ᠦ ᠦᠨᠳ᠋ᠦᠰᠦᠯᠡᠨ ᠵᠢᠭᠤᠯᠴᠢᠳ ᠤᠨ ᠰᠤᠨᠢᠷᠬᠠᠯ ᠊ᠢ ᠬᠠᠮᠤᠭ ᠤᠨ ᠶᠡᠬᠡ ᠲᠠᠲᠠᠭᠰᠠᠨ ᠭᠠᠵᠠᠷ ᠤᠳ ᠊ᠢ ᠰᠢᠯᠭᠠᠷᠠᠭᠤᠯᠳ᠋ᠠᠭ ᠤᠯᠠᠮᠵᠢᠯᠠᠯ ᠲᠠᠢ ᠃

ᠵᠢᠭᠤᠯᠴᠢᠳ ᠪᠣᠭᠳ᠋ᠠ ᠬᠠᠭᠠᠨ ᠪ ᠣᠷᠳ᠋ᠤᠨ ᠮᠦᠽᠧᠢ ᠵᠢᠨ ᠲᠤᠬᠠᠢ ᠬᠠᠮᠤᠭ ᠤᠨ ᠣᠯᠠᠨ ᠰᠡᠳᠬᠢᠭ᠍ᠳ᠋ᠡᠯ ᠪᠢᠴᠢᠵᠡᠢ ᠃ ᠲᠡᠭᠦᠨᠴᠢᠯᠡᠨ ᠲᠤᠰ ᠰᠠᠢᠢᠲ ᠲᠤ ᠪᠠᠢᠢᠷᠢᠰᠢᠭᠤᠯᠤᠭᠰᠠᠨ ᠡᠯ᠎ᠡ ᠮᠦᠽᠧᠢ ᠵᠢᠨ ᠲᠠᠨᠢᠯᠴᠠᠭᠤᠯᠭ᠎ᠠ ᠂ ᠦᠵᠡᠮᠦᠷᠢ ᠂ ᠰᠠᠩ ᠬᠥᠮᠦᠷᠭᠡ ᠲᠠᠢ ᠬᠤᠯᠪᠣᠭᠠᠲᠠᠢ ᠮᠡᠳ᠋ᠡᠭᠡᠯᠡᠯ ᠊ᠢ ᠴᠥᠭᠡᠨ ᠦᠭᠡᠢ ᠬᠥᠮᠦᠨ ᠦᠵᠡᠭ᠍ᠰᠡᠨ ᠪᠠᠢᠢᠨ᠎ᠠ ᠃ ᠨᠢᠭᠡ ᠢᠷᠭᠡᠨ᠄ ᠮᠤᠩᠭᠤᠯ  ᠤᠨ ᠱᠠᠰᠢᠨ ᠂ ᠲᠡᠦᠬᠡ ᠂ ᠤᠷᠠᠯᠢᠭ ᠂ ᠲᠥᠷᠦᠲᠦ ᠶᠤᠰᠣ ᠵᠢ ᠰᠤᠨᠢᠷᠬᠠᠬᠤ ᠂ ᠰᠤᠳ᠋ᠤᠯᠬᠤ ᠂  ᠢᠯᠡᠭᠦᠦ ᠨᠠᠷᠢᠨ ᠮᠡᠳ᠋ᠡᠭᠡᠯᠡᠯ ᠠᠪᠬᠤ ᠵᠢ ᠬᠦᠰᠡᠭ᠍ᠰᠡᠨ ᠬᠥᠮᠦᠰ ᠲᠦ ᠡᠨᠡ ᠮᠦᠽᠧᠢ ᠬᠠᠩᠭᠠᠯᠲᠠ ᠲᠠᠢ ᠵᠦᠢᠯ ︽ᠬᠡᠯᠡᠨ᠎ᠡ︾ᠭᠡᠵᠡᠢ ᠃

ᠰᠡᠳᠬᠢᠭᠳᠡᠯ ᠦᠯᠡᠳᠡᠭᠡᠬᠦ