ᠥᠨᠦᠳ᠋ᠦᠷ ᠮᠤᠩᠭᠤᠯ ᠤᠯᠤᠰ ᠤᠨ ᠶᠡᠬᠡ ᠰᠤᠷᠭᠠᠭᠤᠯᠢ ᠵᠢᠨ ᠪᠠᠭᠰᠢ ᠡᠷᠳ᠋ᠡᠮᠲᠡᠳ ᠤᠨ ᠨᠠᠮᠲᠠᠷ ᠪᠦᠲᠦᠭᠡᠯ ᠵᠢᠨᠷ ᠪᠦᠲᠦᠭ᠍ᠰᠡᠨ ︽ᠮᠡᠷᠭᠡᠳ ᠤᠨ ᠠᠯᠲᠠᠨ ᠨᠤᠮ︾ ᠨᠤᠮ ᠤᠨ ᠨᠡᠭᠡᠭᠡᠯᠲᠡ ᠪᠣᠯᠤᠯ᠎ᠠ᠃ ᠲᠤᠰ ᠨᠤᠮ ᠊ᠢ ᠮᠤᠩᠭᠤᠯ ᠤᠯᠤᠰ ᠤᠨ ᠶᠡᠬᠡ ᠰᠤᠷᠭᠠᠭᠤᠯᠢ ᠵᠢ ᠡᠭᠦᠰᠬᠡᠨ ᠪᠠᠢᠢᠭᠤᠯᠤᠭᠰᠠᠨ ᠲᠥᠷᠦ ᠨᠡᠢᠢᠭᠡᠮ ᠤᠨ ᠵᠢᠳᠬᠦᠯᠲᠡᠨ ᠂ ᠰᠠᠯᠪᠤᠷᠢ ᠪᠦᠷᠢ ᠵᠢᠨ ᠰᠢᠨᠵᠢᠯᠡᠬᠦ ᠤᠬᠠᠭᠠᠨ ᠳᠤ ᠬᠤᠪᠢ ᠨᠡᠮᠡᠷᠢ ᠪᠡᠨ ᠣᠷᠤᠭᠤᠯᠤᠭᠰᠠᠨ ᠂ ᠭᠠᠪᠢᠶᠠᠲᠤ ᠪᠠᠭᠰᠢ ᠨᠠᠷ ᠵᠢᠨᠨ ᠠᠯᠳ᠋ᠠᠷᠰᠢᠭᠤᠯᠬᠤ ᠵᠤᠷᠢᠯᠭ᠎ᠠ ᠪᠡᠷ ᠪᠦᠲᠦᠭᠡᠭ᠍ᠰᠡᠨ ᠪᠠᠢᠢᠨ᠎ᠠ ᠃ ᠨᠤᠮ ᠳᠤ 116 ᠡᠷᠬᠢᠮ ᠤᠨ ᠬᠥᠷᠦᠭ ᠬᠠᠢᠢᠴᠢᠯᠠᠪᠤᠷᠢ ᠂ ᠨᠠᠮᠲᠠᠷ ᠂ ᠡᠷᠳ᠋ᠡᠮ ᠰᠢᠨᠵᠢᠯᠡᠭᠡᠨ ᠪ ᠬᠤᠷᠢᠶᠠᠩᠭᠤᠢ ᠪᠠᠭᠲᠠᠵᠠᠢ᠃ ᠨᠤᠮ ᠦᠨ ᠠᠬᠠᠯᠠᠬᠤ ᠷᠧᠳ᠋ᠠᠺᠲ᠋ᠤᠷ ᠵᠢᠨᠷ ᠠᠺᠠᠳ᠋ᠧᠮᠢᠴᠢ ᠂ ᠰᠢᠨᠵᠢᠯᠡᠬᠦ ᠤᠬᠠᠭᠠᠨ ᠪ ᠭᠠᠪᠢᠶᠠᠲᠤ ᠵᠢᠳᠬᠦᠯᠲᠡᠨ ᠂ ᠳ᠋ᠤᠺᠲ᠋ᠤᠷ ᠰ᠊ · ᠨᠠᠷᠠᠨᠭᠡᠷᠡᠯ ᠠᠵᠢᠯᠯᠠᠭᠰᠠᠨ ᠪᠠᠢᠢᠨ᠎ᠠ ᠃
ᠮᠤᠩᠭᠤᠯ ᠤᠯᠤᠰ ᠤᠨ ᠶᠡᠬᠡ ᠰᠤᠷᠭᠠᠭᠤᠯᠢ ᠵᠢᠨ ᠠᠬᠠᠮᠠᠳ ᠪᠠᠭᠰᠢ ᠂ ᠠᠵᠢᠯᠴᠢᠳ ᠤᠨ ᠨᠢᠭᠡᠳ᠋ᠦᠭ᠍ᠰᠡᠨ ᠬᠤᠯᠪᠣᠭᠠᠨ ᠪ ᠲᠡᠷᠢᠭᠦᠨ ᠵ᠊ · ᠵᠢᠪᠽᠦ᠋ᠨᠳ᠋ᠤᠯᠮᠠ ᠬᠡᠯᠡᠬᠦ ᠳ᠋ᠦ ᠪᠡᠨ᠄ ᠪᠢᠳ᠋ᠠ ᠮᠤᠩᠭᠤᠯ ᠤᠯᠤᠰ ᠦᠨ ᠶᠡᠬᠡ ᠰᠤᠷᠭᠠᠭᠤᠯᠢ ᠵᠢᠨ ᠦᠶ᠎ᠡ ᠦᠶ᠎ᠡ ᠵᠢᠨ ᠪᠠᠭᠰᠢ ᠨᠠᠷ ᠤᠨ ᠨᠠᠮᠲᠠᠷ ᠪᠦᠲᠦᠭᠡᠯ ᠵᠢᠨᠷ ᠪᠦᠲᠦᠭ᠍ᠰᠡᠨ ᠨᠤᠮ ᠢᠶᠠᠨ ᠥᠨᠦᠳ᠋ᠦᠷ ᠨᠡᠭᠡᠭᠡᠵᠦ ᠪᠠᠢᠢᠭ᠎ᠠ ᠮᠠᠨᠢ ᠲᠡᠦᠬᠡᠨ ᠶᠠᠪᠤᠳ᠋ᠠᠯ ᠶᠤᠮ ᠃ ᠡᠨᠡ ᠬᠦ ᠨᠤᠮ ᠪᠦᠲᠦᠭᠡᠯ ᠴᠠᠭᠠᠰᠢᠳ᠋ᠠ ᠵᠠᠯᠠᠭᠤ ᠰᠤᠳ᠋ᠤᠯᠤᠭᠠᠴᠢ ᠂ ᠡᠷᠳ᠋ᠡᠮᠲᠡᠳ ᠵᠢᠨᠷ ᠥᠷᠭᠡᠵᠢᠨ ᠲᠡᠯᠡᠨ᠎ᠡ ᠭᠡᠳ᠋ᠡᠭ ᠲᠦ ᠢᠲᠡᠭᠡᠯ ᠲᠠᠢ ᠪᠠᠢᠢᠨ᠎ᠠ ᠭᠡᠰᠡᠨ ᠶᠤᠮ ᠃ ᠬᠠᠷᠢᠨ ᠲᠤᠰ ᠨᠤᠮ ᠤᠨ ᠠᠭᠤᠯᠭ᠎ᠠ ᠂ ᠠᠴᠢ ᠬᠤᠯᠪᠣᠭᠳ᠋ᠠᠯ ᠤᠨ ᠲᠠᠯ᠎ᠠ ᠪᠡᠷ ᠠᠺᠠᠳ᠋ᠧᠮᠢᠴᠢ ᠰ᠊ · ᠨᠠᠷᠠᠨᠭᠡᠷᠡᠯ᠄ ᠪᠢᠳ᠋ᠠ ᠪᠠᠭᠰᠢ ᠂ ᠡᠷᠳ᠋ᠡᠮᠲᠡᠳ ᠡᠴᠡ ᠨᠤᠮ ᠳᠦ ᠣᠷᠤᠭᠤᠯᠬᠤ ᠪᠠᠷ ᠰᠤᠩᠭᠤᠬᠤ ᠳ᠋ᠤ ᠪᠠᠨ ᠮᠤᠩᠭᠤᠯ ᠤᠯᠤᠰ ᠤᠨ ᠶᠡᠬᠡ ᠰᠤᠷᠭᠠᠭᠤᠯᠢ ᠵᠢ ᠠᠩᠬᠠᠯᠠᠨ ᠡᠭᠦᠰᠬᠡᠨ ᠪᠠᠢᠢᠭᠤᠯᠤᠭᠰᠠᠨ ᠂ ᠤᠳ᠋ᠤᠷᠢᠳ᠋ᠤᠭᠰᠠᠨ ᠪᠠᠭᠰᠢ ᠨᠠᠷ ᠪᠣᠯᠤᠨ ᠠᠷᠠᠳ ᠤᠨ ᠪᠠᠭᠰᠢ ᠂ ᠭᠠᠪᠢᠶᠠᠲᠤ ᠪᠠᠭᠰᠢ ᠭᠡᠰᠡᠨ ᠳᠠᠷᠠᠭᠠᠯᠠᠯ ᠵᠢᠨᠷ ᠰᠤᠩᠭᠤᠭᠰᠠᠨ ᠶᠤᠮ ᠃ ᠲᠡᠭᠦᠨᠴᠢᠯᠡᠨ ᠮᠤᠩᠭᠤᠯ ᠤᠯᠤᠰ ᠤᠨ ᠶᠡᠬᠡ ᠰᠤᠷᠭᠠᠭᠤᠯᠢ ᠵᠢᠨ ᠣᠯᠠᠨ ᠰᠠᠯᠪᠤᠷᠢ ᠰᠤᠷᠭᠠᠭᠤᠯᠢ ᠨᠤᠭᠤᠳ ᠡᠴᠠ ᠠᠳ᠋ᠠᠯᠢ ᠲᠡᠭ᠍ᠰᠢ ᠪᠠᠢᠢᠳ᠋ᠠᠯ ᠵᠢᠨᠷ ᠪᠠᠭᠰᠢ ᠨᠠᠷ ᠵᠢᠨᠨ ᠰᠤᠩᠭᠤᠭᠰᠠᠨ ᠬᠡᠮᠡᠯ᠎ᠡ ᠃