FATF ᠤᠨ ᠪᠠᠭ ᠲᠠᠢ ᠠᠭᠤᠯᠵᠠᠬᠤ 140 ᠬᠥᠮᠦᠨ ᠊ᠢ ᠲᠤᠰᠠᠭᠠᠷᠯᠠᠨ᠎ᠠ | News.MN

 FATF ᠤᠨ ᠪᠠᠭ ᠲᠠᠢ ᠠᠭᠤᠯᠵᠠᠬᠤ 140 ᠬᠥᠮᠦᠨ ᠊ᠢ ᠲᠤᠰᠠᠭᠠᠷᠯᠠᠨ᠎ᠠ

ᠮᠤᠩᠭᠤᠯ ᠤᠯᠤᠰ ᠊ᠢ ᠰᠠᠭᠠᠷᠠᠯ ᠵᠢᠭᠰᠠᠭᠠᠯᠲᠠ ᠡᠴᠠ ᠭᠠᠷᠭᠠᠬᠤ ᠠᠵᠢᠯ  ᠤᠨ ᠬᠦᠷᠢᠶᠡᠨ ᠳ᠋ᠦ ᠣᠯᠠᠨ ᠤᠯᠤᠰ  ᠤᠨ ᠰᠠᠩᠬᠦᠦ ᠵᠢᠨ ᠬᠤᠷᠢᠭ ᠠᠷᠭ᠎ᠠ ᠬᠡᠮᠵᠢᠶ᠎ᠡ ᠠᠪᠬᠤ ᠪᠠᠢᠢᠭᠤᠯᠭ᠎ᠠ FATF  ᠤᠨ ᠪᠠᠭ ᠢᠷᠠᠵᠤ ᠂ ᠦᠨᠡᠯᠡᠭᠡ ᠬᠢᠬᠦ ᠱᠠᠭᠠᠷᠳᠠᠯᠭ᠎ᠠ ᠲᠠᠢ ᠪᠠᠢᠢᠭ᠎ᠠ ᠲᠠᠯ᠎ᠠ ᠪᠡᠷ ᠪᠢᠳᠠ ᠡ‍ᠮᠦᠨ᠎ᠡ ᠨᠢ ᠮᠡᠳᠡᠭᠡᠯᠡᠭᠰᠡᠨ ᠃ ᠲᠡᠳᠡᠨ ᠊ᠢ ᠲᠤᠰᠬᠠᠢ ᠡ‍ᠭᠦᠷᠭᠡ ᠵᠢᠨ ᠣᠩᠭᠤᠴᠠ ᠪᠡᠷ ᠬᠡᠷᠬᠢᠨ ᠠᠪᠴᠢᠷᠠᠬᠤ ᠭᠡᠵᠦ ᠪᠠᠢᠢᠭ᠎ᠠ ᠲᠠᠯ᠎ᠠ ᠪᠡᠷ ᠰᠤᠳᠤᠯᠵᠤ ᠪᠤᠢ ᠵᠢ ᠮᠤᠩᠭᠤᠯ ᠪᠠᠩᠬᠢ ᠵᠢᠨ ᠳᠡᠳ᠋ ᠶᠡᠷᠦᠩᠬᠡᠢᠢᠯᠡᠭᠴᠢ ᠭ᠊ ·ᠡ‍ᠩᠬᠡᠲᠠᠢᠢᠪᠤᠩ ᠮᠥᠨ ᠮᠡᠳᠡᠭᠡᠯᠡᠭᠰᠡᠨ ᠪᠢᠯᠡ ᠃ FATF  ᠤᠨ ᠵᠢᠷᠭᠤᠭᠠᠨ ᠬᠥᠮᠦᠨ ᠮᠤᠩᠭᠤᠯ ᠳᠤ ᠢᠷᠡᠵᠦ 140 ᠣᠷᠴᠢᠮ ᠬᠥᠮᠦᠨ ᠲᠠᠢ ᠠᠭᠤᠯᠵᠠᠯᠲᠠ ᠬᠢᠬᠦ ᠱᠠᠭᠠᠷᠳᠠᠯᠭ᠎ᠠ ᠲᠠᠢ᠂ ᠲᠡᠢᠢᠮᠦ ᠡ‍ᠴᠡ ᠲᠡᠳᠡᠭᠡᠷ 140 ᠬᠥᠮᠦᠨ ᠊ᠢ 21 ᠬᠤᠨᠤᠭ ᠲᠤᠰᠠᠭᠠᠷᠯᠠᠬᠤ ᠲᠠᠯ᠎ᠠ ᠪᠡᠷ ᠰᠢᠳᠠᠷ ᠰᠠᠢᠢᠳ ᠶᠠ᠊·ᠰᠤᠳᠤᠪᠠᠭᠠᠲᠤᠷ ᠰᠡᠳᠬᠦᠯᠴᠢᠳ ᠲᠠᠢ ᠬᠢᠭᠰᠡᠨ ᠠᠭᠤᠯᠵᠠᠯᠲᠠ ᠵᠢᠨ ᠵᠢᠨᠨ ᠦᠶ᠎ᠡ ᠪᠡᠷ ᠮᠡᠳᠡᠭᠡᠯᠡᠯ᠎ᠡ ᠃

ᠮᠤᠩᠭᠤᠯ ᠤᠯᠤᠰ ᠬᠢᠯᠢ ᠪᠡᠨ ᠬᠠᠭᠠᠯᠲᠠ ᠲᠠᠢ ᠪᠠᠷ ᠬᠤᠷᠢᠭ᠎ᠠ ᠴᠡᠭᠡᠷ ᠤᠨ ᠳᠢᠭᠯᠢᠮ ᠊ᠢ ᠬᠡᠪ ᠤᠨ ᠭᠤᠷᠢᠮ ᠳᠤ ᠰᠢᠯᠵᠢᠭᠦᠯᠬᠦ ᠪᠡᠷ ᠪᠣᠯᠤᠭᠠᠳ ᠪᠤᠢ᠃ ᠡ‍ᠨᠡ ᠬᠦᠷᠢᠶᠡᠨ ᠳ᠋ᠦ ᠬᠦᠨᠳᠦᠳᠬᠡᠨ ᠦᠵᠡᠬᠦ ᠨᠥᠬᠥᠴᠡᠯ ᠪᠠᠢᠢᠳᠠᠯ ᠊ᠢ ᠬᠠᠷᠠᠭᠠᠯᠵᠠᠵᠤ ᠂ ᠮᠤᠩᠭᠤᠯ ᠳᠤ ᠢᠷᠡᠬᠦ ᠱᠠᠭᠠᠷᠳᠠᠯᠭ᠎ᠠ ᠲᠠᠢ ᠭᠠᠳᠠᠨ᠎ᠠ ᠵᠢᠨ ᠠᠵᠢᠯᠴᠢᠳ ᠊ᠢ ᠨᠡᠪᠲᠡᠷᠡᠭᠦᠯᠬᠦ ᠡ‍ᠴᠡ ᠭᠠᠳᠠᠨ᠎ᠠ ᠭᠠᠳᠠᠭᠰᠢ ᠪᠠᠨ ᠤᠷᠤᠯᠳᠤᠭᠠᠨ ᠲᠡᠮᠡᠴᠡᠭᠡᠨ ᠳ᠋ᠦ ᠣᠷᠤᠯᠴᠠᠬᠤ ᠱᠠᠭᠠᠷᠳᠠᠯᠭ᠎ᠠ ᠲᠠᠢ ᠲᠠᠮᠢᠷᠴᠢᠳ ᠲᠦ ᠪᠡᠨ ᠶᠠᠪᠤᠭᠤᠯᠬᠤ ᠪᠣᠯᠤᠮᠵᠢ ᠵᠢ ᠪᠦᠷᠢᠳᠦᠭᠦᠯᠬᠦ ᠪᠣᠳᠤᠯᠭ᠎ᠠ ᠪᠠᠷᠢᠬᠤ  ᠶᠤᠮ ᠪᠠᠢᠨ᠎ᠠ᠃

ᠰᠡᠳᠬᠢᠭᠳᠡᠯ ᠦᠯᠡᠳᠡᠭᠡᠬᠦ