10 ᠨᠠᠰᠤᠲᠠᠢ ᠥᠬᠢᠨ︽ᠡ‍ᠭᠡᠴᠢ ᠳᠡᠭᠦᠦᠰ︾ ᠭᠡᠬᠦ ᠨᠤᠮ ᠤᠷᠴᠢᠭᠤᠯᠵᠠᠢ | News.MN

10 ᠨᠠᠰᠤᠲᠠᠢ ᠥᠬᠢᠨ︽ᠡ‍ᠭᠡᠴᠢ ᠳᠡᠭᠦᠦᠰ︾ ᠭᠡᠬᠦ ᠨᠤᠮ ᠤᠷᠴᠢᠭᠤᠯᠵᠠᠢ

ᠠᠮᠧᠷᠢᠺᠠ ᠵᠢᠨ ᠺᠤᠮᠢᠺ ᠵᠢᠷᠤᠭᠠᠴᠢ ᠷᠸᠢᠢᠨᠠ ᠲᠸᠯᠭᠸᠮᠡᠢᠷ ᠥᠪᠡᠷ  ᠦᠨ ᠬᠢᠨᠢ ᠠᠮᠢᠳᠤᠷᠠᠯ ᠳᠦ ᠲᠤᠬᠢᠶᠠᠯᠳᠤᠭᠰᠠᠨ ᠨᠢᠭᠡᠨ ᠬᠥᠭᠵᠢᠯ ᠲᠠᠢ ᠲᠡᠦᠬᠡ ᠵᠢ ᠺᠤᠮᠢᠺ ᠵᠢᠷᠤᠭ ᠤᠨ ᠠᠷᠭ᠎ᠠ ᠪᠡᠷ ᠥᠭᠦᠯᠡᠭᠰᠡᠨ ︽ᠡ‍ᠭᠡᠴᠢ ᠳᠡᠭᠦᠦᠰ︾ᠬᠡᠮᠡᠬᠦ ᠨᠤᠮ ᠊ᠢ ᠨᠡᠢᠢᠰᠯᠡᠯ  ᠤᠨ︽ᠰᠡᠯᠪᠢ︾ᠰᠤᠷᠭᠠᠭᠤᠯᠢ ᠵᠢᠨ 6 ᠳ᠋ᠤᠭᠠᠷ ᠠᠩᠬᠢ ᠵᠢᠨ ᠰᠤᠷᠤᠭᠴᠢ 10 ᠨᠠᠰᠤᠲᠠᠢ ᠪ᠊ · ᠮᠥᠩᠬᠡ – ᠠᠮᠢᠨ ᠮᠤᠩᠭᠤᠯ ᠬᠡᠯᠡ ᠤᠷᠤᠭᠤ ᠣᠷᠴᠢᠭᠤᠯᠵᠤ ᠂ Blue Strawberry ᠬᠡᠪᠯᠡᠯ ᠤᠨ ᠭᠠᠵᠠᠷ ᠡ‍ᠷᠬᠢᠯᠡᠨ ᠬᠡᠪᠯᠡᠭᠦᠯᠦᠭᠰᠡᠨ ᠪᠥᠭᠡᠳ ᠥᠴᠦᠭᠡᠳᠦᠷ ᠨᠤᠮ ᠤᠨ ᠨᠡᠭᠡᠭᠡᠯᠲᠡ ᠪᠡᠨ ᠬᠢᠯ᠎ᠡ ᠃

ᠪ᠊ · ᠮᠥᠩᠬᠡ – ᠠᠮᠢᠨ ᠬᠡᠯᠡᠬᠦ ᠳ᠋ᠦ ᠪᠡᠨ᠄ ᠰᠠᠢᠢᠨ ᠣᠷᠴᠢᠭᠤᠯᠭ᠎ᠠ ᠬᠢᠬᠦ ᠵᠢᠨ ᠲᠤᠯᠠᠳᠠ ᠮᠤᠩᠭᠤᠯ ᠬᠡᠯᠡ ᠪᠡᠨ ᠮᠠᠰᠢ ᠰᠠᠢᠢᠨ ᠰᠤᠷᠬᠤ ᠶᠤᠰᠤᠲᠠᠢ ᠭᠡᠳᠡᠭ ᠊ᠢ ᠣᠢᠢᠯᠠᠭᠠᠭᠰᠠᠨ ᠃ ᠠᠩᠭᠯᠢ ᠬᠡᠯᠡ ᠬᠡᠴᠢᠨᠡᠨ ᠰᠠᠢᠢᠨ ᠮᠡᠳᠡᠳᠡᠭ ᠪᠠᠢᠢᠯ᠎ᠠ ᠴᠦ ᠡ‍ᠬᠡ ᠬᠡᠯᠡ ᠤᠷᠤᠭᠤ ᠪᠠᠨ ᠬᠥᠷᠪᠡᠭᠦᠯᠦᠨ ᠪᠠᠭᠤᠯᠭᠠᠬᠤ ᠳ᠋ᠤ ᠪᠠᠨ ᠦᠭᠡ ᠪᠡᠨ ᠵᠥᠪ ᠂ ᠣᠨᠤᠪᠴᠢᠲᠠᠢ ᠰᠤᠩᠭᠤᠬᠤ ᠨᠢ ᠮᠠᠰᠢ ᠴᠢᠬᠤᠯᠠ ᠃ ᠲᠡᠭᠡᠵᠦ ᠪᠠᠢᠢᠵᠤ ᠰᠠᠢᠢᠨ ᠵᠤᠬᠢᠶᠠᠯ ᠊ᠢ ᠰᠠᠢᠢᠨ ᠣᠷᠴᠢᠭᠤᠯᠵᠤ ᠴᠢᠳᠠᠨ᠎ᠠ ᠃ ᠢᠩᠭᠢᠵᠦ ᠴᠢᠳᠠᠪᠠᠯ ᠨᠤᠮ ᠊ᠢ ᠮᠠᠨᠢ ᠤᠩᠰᠢᠵᠤ ᠪᠠᠢᠢᠭ᠎ᠠ ᠨᠠᠢᠢᠵᠠ ᠨᠠᠷ ᠮᠠᠨᠢ ᠴᠦ ᠰᠠᠢᠢᠨ ᠣᠢᠢᠯᠠᠭᠠᠨ᠎ᠠ ᠰᠢᠦ ᠳ᠋ᠸ ᠃ ᠲᠡᠢᠢᠮᠦ ᠡ‍ᠴᠡ ᠮᠤᠩᠭᠤᠯ ᠬᠥᠮᠦᠨ ᠡ‍ᠬᠡ ᠬᠡᠯᠡ ᠪᠡᠨ ᠮᠠᠰᠢ ᠰᠠᠢᠢᠨ ᠰᠤᠷᠬᠤ ᠶᠤᠰᠤᠲᠠᠢ ᠶᠤᠮ︾ᠭᠡᠪᠡ᠃

 

ᠰᠡᠳᠬᠢᠭᠳᠡᠯ ᠦᠯᠡᠳᠡᠭᠡᠬᠦ