ᠹᠷᠠᠨᠼᠢ ᠳ᠋ᠤ ᠲᠥᠪ ᠲᠠᠢ ᠡᠸᠦ᠋ᠷᠦᠫᠡ ᠳ᠋ᠡᠬᠢ ᠮᠤᠩᠭᠤᠯ ᠵᠤᠬᠢᠶᠠᠯᠴᠢᠳ ᠤᠨ ᠨᠡᠢᠢᠭᠡᠮᠯᠢᠭ ᠪᠠᠢᠢᠭᠤᠯᠤᠭᠳᠠᠵᠤ ᠂ ᠠᠯᠪᠠᠨ ᠶᠤᠰᠤᠨ ᠪ ᠵᠦᠪᠰᠢᠶᠡᠷᠡᠯ ᠢᠶᠡᠨ ᠠᠪᠴᠠᠢ ᠃ ᠲᠤᠰ ᠨᠡᠢᠢᠭᠡᠮᠯᠢᠭ ᠨᠢ ᠡᠸᠦ᠋ᠷᠦᠫᠡ ᠳ᠋ᠦ ᠠᠵᠢᠯᠯᠠᠵᠤ ᠠᠮᠢᠳᠤᠷᠠᠵᠤ ᠪᠤᠢ ᠤᠷᠠᠨ ᠪᠦᠲᠦᠭᠡᠯᠴᠢᠳ ᠵᠢᠨᠨ ᠨᠢᠭᠡᠳᠬᠡᠬᠦ ᠂ ᠮᠤᠩᠭᠤᠯ ᠤᠨ ᠤᠳᠬ᠎ᠠ ᠵᠤᠬᠢᠶᠠᠯ ᠊ᠢ ᠲᠦᠭᠡᠭᠡᠨ ᠳᠡᠯᠭᠡᠷᠡᠭᠦᠯᠬᠦ ᠂ ᠬᠢᠯᠢ ᠵᠢᠨ ᠴᠢᠨᠠᠳᠤ ᠳ᠋ᠤ ᠡᠬᠡ ᠬᠡᠯᠡ ᠪᠢᠴᠢᠭ ᠂ ᠦᠨᠳᠦᠰᠦᠨ ᠪ ᠰᠤᠶᠤᠨ ᠭᠡᠭᠡᠷᠡᠯ ᠊ᠢ ᠲᠦᠭᠡᠭᠡᠨ ᠳᠡᠯᠭᠡᠷᠡᠭᠦᠯᠬᠦ ᠂ ᠤᠳᠬ᠎ᠠ ᠵᠤᠬᠢᠶᠠᠯ ᠂ ᠢᠷᠠᠭᠤ ᠨᠠᠢᠢᠷᠠᠭ ᠰᠤᠨᠢᠷᠬᠠᠳᠠᠭ ᠂ ᠪᠢᠴᠢᠬᠦ ᠵᠢ ᠬᠦᠰᠡᠳᠡᠭ ᠂ ᠡᠨᠡ ᠴᠢᠭᠯᠡᠯ ᠵᠢᠨᠷ ᠥᠪᠡᠷ ᠊ᠢ ᠪᠡᠨ ᠬᠥᠭᠵᠢᠭᠦᠯᠬᠦ ᠬᠦᠰᠡᠯ ᠲᠡᠮᠡᠦᠯᠦᠯ ᠲᠠᠢ ᠮᠤᠩᠭᠤᠯᠴᠤᠳ ᠲᠠᠭᠠᠨ ᠤᠷᠮ᠎ᠠ ᠳᠡᠮ ᠥᠭᠬᠦ ᠵᠤᠷᠢᠯᠭ᠎ᠠ ᠲᠠᠢ ᠪᠥᠭᠡᠳ ᠲᠤᠰ ᠨᠡᠢᠢᠭᠡᠮᠯᠢᠭ ᠤᠨ ᠲᠡᠷᠢᠭᠦᠨ ᠵᠢᠨᠷ ᠵᠤᠬᠢᠶᠠᠯᠴᠢ᠂ ᠰᠡᠳᠬᠦᠯᠴᠢ ᠪᠠᠲᠤᠴᠢᠯᠠᠭᠤᠨ ᠤ ᠡᠷᠳᠡᠨᠢᠰᠤᠯᠤᠩᠭᠠ ᠰᠤᠩᠭᠤᠭᠳᠠᠵᠠᠢ ᠃
ᠪ᠊·ᠡᠷᠳᠡᠨᠢᠰᠤᠯᠤᠩᠭᠠ ᠨᠢ︽ᠠᠷᠠᠳ ᠤᠨ ᠡᠷᠬᠡ︾᠂︽ᠮᠤᠩᠭᠤᠯ ᠤᠨ ᠮᠡᠳᠡᠭᠡ︾᠂ ︽ ᠦᠨᠡᠨ︾᠂ ︽ᠵᠠᠭᠤᠨ ᠪ ᠮᠡᠳᠡᠭᠡ︾ᠵᠡᠷᠭᠡ ᠡᠳᠦᠷ ᠲᠤᠲᠤᠮ ᠤᠨ ᠬᠡᠪᠯᠡᠯ ᠳ᠋ᠦ ᠣᠯᠠᠨ ᠵᠢᠯ ᠠᠵᠢᠯᠯᠠᠭᠰᠠᠨ ᠪᠥᠭᠡᠳ ᠢᠷᠠᠭᠤ ᠨᠠᠢᠢᠷᠠᠭ ᠤᠨ ᠲᠠᠪᠤᠨ ᠲᠡᠭᠦᠪᠦᠷᠢ ᠬᠡᠪᠯᠡᠭᠦᠯᠦᠭᠰᠡᠨ ᠤᠷᠠᠨ ᠪᠦᠲᠦᠭᠡᠯᠴᠢ ᠶᠤᠮ ᠃