︽ᠨᠢᠦ᠋ ᠶᠤᠷᠺ ᠲᠠᠢᠢᠮᠰ︾ᠰᠤᠨᠢᠨ ᠳᠤ ᠮᠤᠩᠭᠤᠯ ᠦᠨ ᠲᠠᠬᠢ ᠵᠢ ᠣᠨᠴᠠᠯᠠᠯ᠎ᠠ | News.MN

︽ᠨᠢᠦ᠋ ᠶᠤᠷᠺ ᠲᠠᠢᠢᠮᠰ︾ᠰᠤᠨᠢᠨ ᠳᠤ ᠮᠤᠩᠭᠤᠯ ᠦᠨ ᠲᠠᠬᠢ ᠵᠢ ᠣᠨᠴᠠᠯᠠᠯ᠎ᠠ

ᠠᠮᠧᠷᠢᠺᠠ ᠵᠢᠨ ᠡ‍ᠳᠦᠷ ᠲᠤᠲᠤᠮ ᠦᠨ ︽ᠨᠢᠦ᠋ ᠶᠤᠷᠺ ᠲᠠᠢᠢᠮᠰ︾ᠰᠤᠨᠢᠨ ᠪ ᠡ‍ᠨᠡ ᠰᠠᠷ᠎ᠠ ᠵᠢᠨ 12 ᠪ ᠳ᠋ᠤᠭᠠᠷ ᠲᠤ ᠨᠡᠢᠢᠲᠡᠯᠡᠭᠰᠡᠨ︽ᠪᠢᠤᠯᠤᠬᠢ ᠵᠢᠨ ᠲᠥᠷᠦᠯ ᠵᠦᠢᠯ ᠤᠰᠠᠳᠬᠤ ᠨᠢ ᠵᠠᠢᠢᠯᠠᠰᠢ ᠦᠭᠡᠢ ᠵᠦᠢᠯ ᠪᠢᠰᠢ ᠃ ᠪᠢᠳᠠ ᠡ‍ᠳᠡᠭᠡᠷ ᠵᠦᠢᠯ︵ᠠᠮᠢᠲᠠᠨ︶ ᠢ ᠠᠪᠤᠷᠠᠭᠰᠠᠨ ︾ ᠬᠡᠮᠡᠬᠦ ᠥᠭᠦᠯᠡᠯ ᠳ᠋ᠦ ᠮᠤᠩᠭᠤᠯ ᠦᠨ ᠪᠠᠢᠢᠭᠠᠯᠢ ᠬᠠᠮᠠᠭᠠᠯᠠᠯ ᠦᠨ ᠠᠷᠭ᠎ᠠ ᠬᠡᠮᠵᠢᠶ᠎ᠡ ᠵᠢ ᠣᠨᠴᠠᠯᠠᠵᠠᠢ ᠃ 1993 ᠣᠨ ᠡᠴᠠ ᠬᠤᠢᠢᠰᠢ ᠳᠡᠯᠡᠬᠡᠢ ᠳ᠋ᠠᠬᠢᠨ ᠳᠦ 10 ᠵᠦᠢᠯ ᠦᠨ ᠰᠢᠪᠠᠭᠤ ᠂ ᠬᠥᠬᠥᠲᠡᠨ ᠠᠮᠢᠲᠠᠨ ᠪᠦᠷᠢᠨ ᠤᠰᠠᠳᠤᠭᠰᠠᠨ ᠭᠡᠨ᠎ᠡ ᠃ ᠬᠠᠷᠢᠨ ᠲᠤᠭ᠎ᠠ ᠲᠤᠯᠤᠭᠠᠢ ᠨᠢ ᠤᠰᠠᠳᠬᠤ ᠬᠡᠮᠵᠢᠶᠡᠨ ᠳ᠋ᠦ ᠬᠦᠷᠦᠭᠰᠡᠨ 48 ᠵᠦᠢᠯ ᠊ᠢ ᠪᠠᠢᠢᠭᠠᠯᠢ ᠬᠠᠮᠠᠭᠠᠯᠠᠬᠤ ᠢᠳᠡᠪᠬᠢᠲᠡᠢ ᠠᠵᠢᠯᠯᠠᠭᠠᠨ ᠪ ᠳ᠋ᠦᠩ ᠳ᠋ᠦ ᠬᠥᠮᠦᠨ ᠲᠥᠷᠦᠯᠬᠢᠲᠡᠨ ᠠᠪᠤᠷᠠᠭᠰᠠᠨ ᠶᠤᠮ᠃ ᠡ‍ᠭᠦᠨ ᠪ ᠨᠢᠭᠡ ᠨᠢ ᠮᠤᠩᠭᠤᠯ ᠦᠨ ᠬᠤᠰᠤᠲᠠᠢ ᠵᠢᠨ ᠪᠠᠢᠢᠭᠠᠯᠢ ᠵᠢᠨ ᠴᠤᠭᠴᠠᠯᠠᠪᠤᠷᠢᠲᠤ ᠭᠠᠵᠠᠷ ᠲᠤ ᠨᠤᠲᠤᠭᠰᠢᠭᠤᠯᠤᠭᠰᠠᠨ ᠲᠠᠬᠢ ᠬᠡᠮᠡᠨ ᠳᠡᠭᠡᠷᠡᠬᠢ ᠥᠭᠦᠯᠡᠯ ᠳ᠋ᠦ ᠪᠢᠴᠢᠵᠡᠢ ᠃

ᠲᠡᠭᠦᠨᠴᠢᠯᠡᠨ ︽ᠪᠠᠢᠢᠭᠠᠯᠢ ᠳᠤ ᠵᠡᠷᠯᠢᠭ ᠵᠢᠨᠷ ᠠᠮᠢᠳᠤᠷᠠᠳᠠᠭ ᠲᠠᠬᠢ ᠴᠠᠭ ᠠᠭᠤᠷ ᠦᠨ ᠪᠣᠯᠤᠨ ᠬᠥᠮᠦᠨ ᠪ ᠪᠤᠷᠤᠭᠤ ᠲᠠᠢ ᠦᠢᠯᠡ ᠠᠵᠢᠯᠯᠠᠭᠠᠨ ᠪ ᠤᠯᠠᠮ ᠡᠴᠠ 1960 ᠬᠡᠳᠦᠨ ᠣᠨ ᠪ ᠰᠡᠭᠦᠯ ᠦᠶ᠎ᠡ ᠳ᠋ᠦ ᠳᠡᠯᠡᠬᠡᠢ ᠳ᠋ᠠᠬᠢᠨ ᠳᠦ ᠦᠭᠡᠢ ᠪᠣᠯᠤᠭᠰᠠᠨ ᠃ ᠡ‍ᠨᠡ ᠵᠦᠢᠯ ᠊ᠢ ᠠᠩᠬ᠎ᠠ ᠨᠡᠭᠡᠭᠡᠵᠦ ᠢᠯᠡᠷᠡᠭᠦᠯᠦᠭᠰᠡᠨ ᠤᠤᠭᠠᠯ ᠨᠤᠲᠤᠭ ᠨᠢ ᠭᠡᠵᠦ ᠲᠤᠭᠠᠴᠠᠳᠠᠭ ᠮᠤᠩᠭᠤᠯ ᠦᠨ ᠵᠠᠭᠦᠩᠭᠠᠷ ᠦᠨ ᠭᠤᠪᠢ ᠳᠤ ᠴᠦ ᠲᠠᠬᠢ ᠦᠵᠡᠭᠳᠡᠬᠦ ᠪᠡᠨ ᠪᠠᠢᠢᠵᠤ ᠂ 1990 ᠣᠨ ᠬᠦᠷᠲᠡᠯ᠎ᠡ ᠵᠥᠪᠬᠡᠨ ᠠᠮᠢᠲᠠᠨ ᠪ ᠬᠦᠷᠢᠶᠡᠯᠡᠩ ᠳ᠋ᠦ ᠴᠥᠭᠡᠨ ᠲᠤᠭ᠎ᠠ ᠲᠠᠢ ᠦᠯᠡᠳᠡᠭᠰᠡᠨ ᠪᠢᠯᠡ ᠃ ᠬᠠᠷᠢᠨ 1992 ᠣᠨ ᠳᠤ ᠲᠠᠬᠢ ᠦᠷᠡᠵᠢᠭᠦᠯᠬᠦ ᠬᠥᠲᠦᠯᠪᠦᠷᠢ ᠵᠢᠨ ᠬᠦᠷᠢᠶᠡᠨ ᠳ᠋ᠦ ᠮᠤᠩᠭᠤᠯ ᠳᠤ ᠨᠤᠲᠤᠭᠰᠢᠭᠤᠯᠤᠭᠰᠠᠨ ᠢᠶᠠᠷ ᠡ‍ᠨᠡ ᠵᠦᠢᠯ ᠊ᠢ ᠠᠪᠤᠷᠠᠪᠠ ᠃ ᠥᠨᠦᠳᠦᠷ ᠮᠤᠩᠭᠤᠯ ᠤᠯᠤᠰ ᠲᠤ 760 ᠭᠠᠷᠤᠢ ᠲᠠᠬᠢ ᠢᠳᠡᠭᠡᠰᠢᠯᠡᠵᠦ ᠪᠠᠢᠢᠨ᠎ᠠ ᠭᠡᠵᠡᠢ ᠃ ᠰᠤᠳᠤᠯᠭᠠᠨ ᠪ ᠠᠵᠢᠯ ᠊ᠢ ᠤᠳᠤᠷᠢᠳᠤᠭᠰᠠᠨ ᠂ ᠠᠩᠭᠯᠢ ᠵᠢᠨ ᠨᠢᠦ᠋ᠺᠠᠰᠯᠢᠨ ᠶᠡᠬᠡ ᠰᠤᠷᠭᠠᠭᠤᠯᠢ ᠵᠢᠨ ᠳ᠋ᠤᠺᠲ᠋ᠤᠷ  ᠷᠢᠺᠸ ᠪᠤᠯᠠᠮ᠄ ᠬᠥᠮᠦᠨ ᠲᠥᠷᠦᠯᠬᠢᠲᠡᠨ ᠠᠷᠭ᠎ᠠ ᠬᠡᠮᠵᠢᠶ᠎ᠡ ᠠᠪᠤᠭ᠎ᠠ ᠦᠭᠡᠢ ᠪᠣᠯ ᠰᠡᠭᠦᠯ ᠦᠨ 27 ᠵᠢᠯ ᠦᠨ ᠬᠤᠭᠤᠴᠠᠭᠠᠨ ᠳᠦ ᠣᠳᠣ ᠵᠢᠨ ᠬᠢ ᠡ‍ᠴᠡ 3 – 4 ᠳᠠᠬᠢᠨ ᠣᠯᠠᠨ ᠠᠮᠢᠲᠠᠨ ᠤᠰᠠᠳᠬᠤ ᠪᠠᠢᠢᠯ᠎ᠠ ᠃ ᠪᠢᠤᠯᠤᠬᠢ ᠵᠢᠨ ᠲᠥᠷᠦᠯ ᠵᠦᠢᠯ ᠳ᠋ᠦ ᠠᠶᠤᠯ ᠨᠢᠭᠤᠷᠯᠠᠭᠰᠠᠨ ᠲᠠᠯ᠎ᠠ ᠪᠡᠷ ᠰᠥᠷᠬᠦ ᠮᠡᠳᠡᠭᠡ ᠵᠤᠩᠬᠢᠯᠠᠳᠠᠭ ᠃ ᠭᠡᠬᠦ ᠳ᠋ᠦ ᠪᠡᠨ ᠪᠢᠳᠠ ᠬᠢᠴᠢᠶᠡᠪᠡᠯ ᠡ‍ᠭᠦᠨ ᠊ᠢ ᠥᠭᠡᠷᠡᠴᠢᠯᠡᠵᠦ ᠂ ᠡ‍ᠷᠭᠢᠭᠦᠯᠬᠦ ᠪᠣᠯᠤᠮᠵᠢᠲᠠᠢ ᠵᠢ ᠡ‍ᠳᠡᠭᠡᠷ ᠪᠠᠷᠢᠮᠲᠠ ᠨᠤᠲᠠᠯᠠᠵᠤ ᠪᠠᠢᠢᠨ᠎ᠠ ᠬᠡᠮᠡᠨ ᠣᠨᠴᠠᠯᠠᠵᠠᠢ ᠃

ᠰᠡᠳᠬᠢᠭᠳᠡᠯ ᠦᠯᠡᠳᠡᠭᠡᠬᠦ