ᠡ‍ᠨᠡ ᠵᠢᠯ 20 ᠲᠤᠨ ᠨᠥᠭᠡᠴᠡ ᠵᠢᠨ ᠮᠢᠬ᠎ᠠ ᠪᠡᠯᠡᠳᠦᠨ᠎ᠡ | News.MN

ᠡ‍ᠨᠡ ᠵᠢᠯ 20 ᠲᠤᠨ ᠨᠥᠭᠡᠴᠡ ᠵᠢᠨ ᠮᠢᠬ᠎ᠠ ᠪᠡᠯᠡᠳᠦᠨ᠎ᠡ

ᠥᠨᠦᠳᠦᠷ ᠰᠢᠳᠤᠷᠭᠤ ᠥᠷᠢᠰᠦᠯᠳᠦᠭᠡᠨ ᠬᠡᠷᠡᠭᠯᠡᠭᠴᠢ ᠵᠢᠨ ᠲᠥᠯᠦᠭᠡ ᠭᠠᠵᠠᠷ ᠤᠨ ᠬᠢᠨ ᠮᠢᠬ᠎ᠠ ᠦᠢᠯᠡᠳᠪᠦᠷᠢᠯᠡᠭᠴᠢ᠂ ᠬᠤᠳᠠᠯᠳᠤᠭᠠᠯᠠᠭᠴᠢ ᠪᠠᠢᠢᠭᠤᠯᠭ᠎ᠠ ᠨᠤᠭᠤᠳ ᠤᠨ ᠲᠥᠯᠦᠭᠡᠯᠡᠯ  ᠤᠳ ᠲᠠᠢ  ᠠᠭᠤᠯᠵᠠᠵᠤ᠂ ᠱᠠᠭᠠᠷᠳᠠᠯᠭ᠎ᠠ ᠬᠠᠩᠭᠠᠭᠰᠠᠨ ᠮᠠᠰᠢᠨ ᠳ᠋ᠤ ᠮᠢᠬ᠎ᠠ ᠲᠡᠭᠡᠭᠡᠪᠦᠷᠢᠯᠡᠵᠦ᠂ ᠢᠯᠡ ᠵᠠᠳᠠᠭᠠᠢ  ᠵᠦᠭᠡᠭᠡᠭᠰᠡᠨ ᠡᠴᠡ ᠪᠣᠯᠵᠤ ᠬᠥᠮᠦᠨ ᠪ ᠡ‍ᠷᠡᠭᠦᠯ ᠮᠡᠨᠳᠦ ᠲᠠᠢ ᠬᠤᠯᠪᠣᠭᠠᠲᠠᠢ ᠠᠰᠠᠭᠤᠳᠠᠯ ᠡ‍ᠭᠦᠰᠬᠦ ᠡ‍ᠷᠡᠰᠳᠡᠯ ᠲᠠᠢ ᠵᠢ ᠰᠠᠨᠠᠭᠤᠯᠪᠠ᠃ ᠲᠤᠰ ᠭᠠᠵᠠᠷ ᠮᠡᠷᠭᠡᠵᠢᠯ ᠤᠨ ᠬᠢᠨᠠᠯᠲᠠ ᠵᠢᠨ ᠶᠡᠷᠦᠩᠬᠡᠢ ᠭᠠᠵᠠᠷ ᠲᠠᠢ ᠬᠠᠮᠲᠤᠷᠠᠨ ᠮᠢᠬ᠎ᠠ ᠬᠤᠳᠠᠯᠳᠤᠭᠠᠯᠠᠳᠠᠭ ᠪᠠᠢᠢᠭᠤᠯᠭ᠎ᠠ ᠨᠤᠭᠤᠳ ᠊ᠢ ᠰᠢᠯᠭᠠᠬᠤ ᠪᠠᠷ ᠪᠣᠯᠵᠤ ᠪᠠᠢᠢᠭ᠎ᠠ ᠪᠥᠭᠡᠳ ᠤᠷᠢᠳᠴᠢᠯᠠᠭᠰᠠᠨ ᠪᠠᠢᠢᠳᠠᠯ ᠵᠢᠨᠷ ᠵᠥᠪᠯᠡᠨ ᠲᠤᠰᠠᠯᠠᠬᠤ ᠂ ᠰᠠᠨᠠᠭᠤᠯᠵᠤ ᠂ ᠠᠩᠬᠠᠷᠤᠭᠤᠯᠬᠤ ᠪᠠ ᠳᠠᠷᠠᠭ᠎ᠠ ᠵᠢᠨ ᠤᠳᠠᠭ᠎ᠠ ᠳ᠋ᠤ ᠲᠤᠷᠭᠠᠬᠤ ᠠᠷᠭ᠎ᠠ ᠬᠡᠮᠵᠢᠶ᠎ᠡ ᠠᠪᠤᠨ᠎ᠠ ᠭᠡᠳᠡᠭ ᠊ᠢ ᠣᠨᠴᠠᠯᠠᠯ᠎ᠠ ᠃

ᠠᠭᠤᠯᠵᠠᠯᠲᠠ ᠵᠢᠨ ᠦᠶ᠎ᠡ ᠪᠡᠷ ᠤᠯᠠᠭᠠᠨᠪᠠᠭᠠᠲᠤᠷ ᠬᠤᠲᠠ ᠵᠢᠨ ᠶᠡᠷᠦᠩᠬᠡᠢ ᠮᠧᠨᠧᠵᠧᠷ ᠪᠥᠭᠡᠳ ᠵᠠᠬᠢᠷᠤᠭᠴᠢ ᠵᠢᠨ ᠠᠵᠢᠯ ᠤᠨ ᠠᠯᠪᠠᠨ ᠪ ᠲ᠊·ᠭᠠᠩᠲᠡᠮᠦᠷ᠄ ᠡ‍ᠨᠡ ᠵᠢᠯ 20 ᠮᠢᠩᠭᠠᠨ ᠲᠤᠨ ᠨᠥᠭᠡᠴᠡ ᠵᠢᠨ ᠮᠢᠬ᠎ᠠ ᠪᠡᠯᠡᠳᠦᠨ᠎ᠡ᠃ ᠥᠩᠭᠡᠷᠡᠭᠰᠡᠨ ᠵᠢᠯ ᠠᠷᠠᠯᠵᠢᠶᠠᠨ ᠪ ᠪᠠᠩᠬᠢ ᠨᠤᠭᠤᠳ ᠤᠨ ᠬᠥᠷᠦᠩᠭᠡ ᠪᠡᠷ 10 ᠮᠢᠩᠭᠠᠨ ᠲᠤᠨ ᠂ ᠳᠤᠯᠠᠭᠠᠨ ᠪ ᠠᠷᠭ᠎ᠠ ᠪᠡᠷ ᠮᠢᠬ᠎ᠠ ᠪᠣᠯᠪᠠᠰᠤᠷᠠᠭᠤᠯᠳᠠᠭ 28 ᠠᠵᠤ ᠠᠬᠤᠢ ᠨᠢᠭᠡᠴᠢ 2000 ᠮᠢᠩᠭᠠᠨ ᠲᠤᠨ ᠮᠢᠬ᠎ᠠ ᠂ ᠨᠡᠢᠢᠲᠡ 12 ᠮᠢᠩᠭᠠᠨ ᠲᠤᠨ ᠮᠢᠬ᠎ᠠ ᠪᠡᠯᠡᠳᠴᠦ ᠭᠤᠷᠪᠠᠳᠤᠭᠠᠷ ᠰᠠᠷ᠎ᠠ ᠡᠴᠠ ᠳᠤᠯᠤᠳᠤᠭᠠᠷ ᠰᠠᠷ᠎ᠠ ᠬᠦᠷᠲᠡᠯ᠎ᠡ ᠪᠣᠷᠤᠯᠠᠭᠤᠯᠤᠭᠰᠠᠨ ᠭᠡᠪᠡ ᠃

 

ᠰᠡᠳᠬᠢᠭᠳᠡᠯ ᠦᠯᠡᠳᠡᠭᠡᠬᠦ