ᠬᠡᠯᠮᠡᠭᠳᠡᠭᠰᠡᠳ ᠤᠨ ᠬᠥᠰᠢᠶᠡᠨ ᠳ᠋ᠦ ᠴᠡᠴᠡᠭ ᠡ‍ᠷᠭᠦᠯ᠎ᠡ | News.MN

ᠬᠡᠯᠮᠡᠭᠳᠡᠭᠰᠡᠳ ᠤᠨ ᠬᠥᠰᠢᠶᠡᠨ ᠳ᠋ᠦ ᠴᠡᠴᠡᠭ ᠡ‍ᠷᠭᠦᠯ᠎ᠡ

ᠥᠨᠦᠳᠦᠷ ᠮᠤᠩᠭᠤᠯ ᠤᠯᠤᠰ ᠲᠤ ᠤᠯᠤᠰ ᠲᠥᠷᠦ ᠵᠢᠨ ᠬᠢᠯᠢᠰ ᠬᠡᠷᠡᠭ ᠲᠦ ᠬᠡᠯᠮᠡᠭᠳᠡᠭᠰᠡᠳ ᠤᠨ ᠳᠤᠷᠠᠰᠬᠠᠯ ᠊ᠢ ᠬᠦᠨᠳᠦᠳᠬᠡᠬᠦ ᠡ‍ᠳᠦᠷ ᠲᠤᠬᠢᠶᠠᠵᠤ ᠪᠠᠢᠢᠨ᠎ᠠ ᠃ ᠮᠤᠩᠭᠤᠯ ᠤᠯᠤᠰ ᠤᠨ ᠶᠡᠷᠦᠩᠬᠡᠢᠢᠯᠡᠭᠴᠢ ᠬ᠊·ᠪᠠᠲᠤᠲᠤᠯᠭ᠎ᠠ᠂ ᠶᠡᠷᠦᠩᠬᠡᠢ ᠰᠠᠢᠢᠳ ᠤ᠊·ᠬᠦᠷᠡᠯᠰᠦ᠋ᠬᠡ᠂ ᠤᠯᠤᠰ ᠤᠨ ᠶᠡᠬᠡ ᠬᠤᠷᠠᠯ ᠤᠨ ᠳᠠᠷᠤᠭ᠎ᠠ ᠭ᠊ · ᠽᠠᠨᠳᠠᠨᠰᠢᠲᠠᠷ᠎ᠠ ᠨᠠᠷ ᠬᠡᠯᠮᠡᠭᠳᠡᠭᠰᠡᠳ ᠤᠨ ᠬᠥᠰᠢᠶᠡᠨ ᠳ᠋ᠦ ᠴᠡᠴᠡᠭ ᠡ‍ᠷᠭᠦᠯ᠎ᠡ᠃

ᠡ‍ᠨᠡ ᠦᠶ᠎ᠡ ᠪᠡᠷ ᠶᠡᠷᠦᠩᠬᠡᠢᠢᠯᠡᠭᠴᠢ ᠬ᠊·ᠪᠠᠲᠤᠲᠤᠯᠭ᠎ᠠ᠄ ᠪᠢᠳᠠ 80 ᠵᠢᠯ  ᠦᠨ ᠡ‍ᠮᠦᠨᠡᠬᠢ ᠬᠡᠵᠢᠶ᠎ᠡ ᠴᠦ ᠮᠠᠷᠲᠠᠭᠳᠠᠬᠤ ᠦᠭᠡᠢ ᠬᠠᠷ᠎ᠠ ᠡ‍ᠳᠦᠷ ᠊ᠢ ᠨᠡᠬᠡᠨ ᠰᠠᠨᠠᠵᠤ ᠂ ᠤᠯᠤᠰ ᠲᠥᠷᠦ ᠵᠢᠨ ᠬᠡᠯᠮᠡᠭᠳᠡᠭᠰᠡᠳ ᠤᠨ ᠳᠤᠷᠠᠰᠬᠠᠯ ᠊ᠢ ᠬᠦᠨᠳᠦᠳᠬᠡᠬᠦ ᠵᠢᠨ ᠵᠡᠷᠭᠡᠴᠡᠭᠡ ᠲᠡᠦᠬᠡᠨ ᠭᠠᠰᠢᠭᠤᠨ ᠰᠤᠷᠭᠠᠮᠵᠢ ᠵᠢ ᠲᠥᠷᠦ ᠵᠢᠨ ᠣᠢ ᠰᠠᠨᠠᠮᠵᠢ ᠳ᠋ᠤ ᠪᠠᠲᠤᠲᠠᠢ ᠰᠠᠭᠤᠯᠭᠠᠵᠤ ᠂ ᠨᠡᠢᠢᠭᠡᠮ ᠤᠨ ᠡ‍ᠷᠬᠡ ᠴᠢᠯᠦᠭᠡ ᠵᠢ ᠢᠮᠠᠭᠲᠠ ᠰᠠᠬᠢᠨ ᠬᠠᠮᠠᠭᠠᠯᠠᠬᠤ ᠂ ᠲᠥᠷᠦ ᠵᠢᠨ ᠳᠠᠷᠬᠠᠯᠠᠭ᠎ᠠ ᠵᠢ ᠪᠡᠬᠢᠵᠢᠭᠦᠯᠬᠦ ᠵᠢᠨ ᠴᠢᠬᠤᠯᠠ ᠵᠢ ᠳᠠᠬᠢᠨ ᠨᠢᠭᠡ ᠡ‍ᠷᠭᠢᠴᠡᠭᠦᠯᠬᠦ ᠬᠡᠷᠡᠭᠲᠡᠢ ᠃ ᠴᠠᠭᠠᠳᠬᠠᠬᠤ ᠠᠵᠢᠯ ᠊ᠢ ᠵᠤᠬᠢᠶᠠᠨ ᠪᠠᠢᠢᠭᠤᠯᠬᠤ ᠤᠯᠤᠰ ᠤᠨ ᠺᠣᠮᠢᠰ ᠤᠨ ᠭᠠᠷᠭᠠᠭᠰᠠᠨ ᠲᠤᠭ᠎ᠠ ᠪᠠᠷᠢᠮᠲᠠ ᠨᠤᠭᠤᠳ ᠡᠴᠠ ᠵᠠᠷᠢᠮ ᠊ᠢ ᠳᠤᠷᠠᠰᠬᠤ ᠳ᠋ᠤ ᠰᠡᠳᠬᠢᠯ ᠵᠢᠷᠦᠬᠡ ᠰᠢᠮᠰᠢᠷᠡᠵᠦ ᠪᠠᠢᠢᠨ᠎ᠠ ᠃ 1937 – 1939 ᠣᠨ ᠬᠦᠷᠲᠡᠯᠡᠬᠢ ᠬᠤᠶᠠᠷ ᠵᠢᠯ  ᠤᠨ ᠬᠤᠭᠤᠴᠠᠭᠠᠨ  ᠳᠤ ᠣᠨᠴᠠᠭᠠᠢ ᠪᠦᠷᠢᠨ ᠡ‍ᠷᠬᠡᠲᠦ ᠺᠣᠮᠢᠰ ᠭᠡᠭᠴᠢ ᠭᠡᠯᠮᠡᠭᠳᠡᠭᠦᠯᠦᠯᠲᠡ ᠵᠢ ᠭᠠᠷᠳᠠᠨ ᠬᠡᠷᠡᠭᠵᠢᠭᠦᠯᠬᠦ ᠪᠦᠲᠦᠴᠡ 25824 ᠬᠥᠮᠦᠨ ᠊ᠢ ᠬᠢᠯᠢᠰ ᠬᠡᠷᠡᠭ ᠲᠦ ᠤᠨᠠᠭᠠᠨ ᠰᠢᠢᠳᠬᠡᠭᠰᠡᠨ ᠡ‍ᠴᠡ 20474 ᠬᠥᠮᠦᠨ ᠳ᠋ᠦ ᠫᠤᠤᠳᠠᠨ ᠠᠯᠠᠬᠤ ᠶᠠᠯ᠎ᠠ ᠵᠢ ᠣᠨᠤᠭᠠᠵᠤ ᠪᠠᠢᠢᠵᠠᠢ᠃ ᠮᠥᠨ ᠨᠡᠢᠢᠲᠡ 17000 ᠣᠷᠴᠢᠮ ᠯᠠᠮᠠ ᠬᠤᠸᠠᠷᠠᠭ ᠬᠢᠯᠢᠰ ᠬᠡᠷᠡᠭ ᠲᠦ ᠰᠢᠢᠳᠭᠡᠭᠳᠡᠭᠰᠡᠨ ᠦ 14000 ᠨᠢ ᠴᠠᠭᠠᠵᠠ ᠪᠠᠷ  ᠠᠪᠬᠠᠭᠤᠯᠵᠠᠢ᠃ ᠡ‍ᠨᠡ ᠪᠣᠯ ᠮᠤᠩᠭᠤᠯ  ᠤᠨ ᠥᠪ ᠤᠯᠠᠮᠵᠢᠯᠠᠯ᠂ ᠢᠵᠠᠭᠤᠷ ᠰᠡᠳᠬᠢᠯᠭᠡ ᠂ ᠦᠨᠳᠦᠰᠦᠨ ᠪ ᠣᠢ ᠰᠠᠨᠠᠮᠵᠢ ᠡ‍ᠬᠡ ᠤᠷᠤᠨᠴᠢ ᠲᠡᠮᠡᠦᠯᠦᠯ ᠊ᠢ ᠬᠢᠷᠢ ᠬᠡᠮᠵᠢᠶ᠎ᠡ ᠪᠡᠷ ᠲᠠᠰᠤᠯᠤᠨ ᠬᠠᠶᠠᠭᠰᠠᠨ ᠊ᠢ ᠢᠯᠡᠳᠬᠡᠬᠦ ᠲᠤᠭ᠎ᠠ ᠶᠤᠮ᠃ ᠤᠯᠤᠰ ᠲᠥᠷᠦ ᠵᠢᠨ ᠭᠡᠯᠮᠡᠭᠳᠡᠭᠦᠯᠦᠯᠲᠡ ᠪᠣᠯ ᠠᠯᠢ ᠴᠦ ᠴᠠᠭ ᠦᠶ᠎ᠡ ᠳ᠋ᠦ ᠲᠥᠷᠦ ᠡ‍ᠴᠡ ᠭᠠᠷᠭᠠᠵᠤ ᠪᠣᠯᠤᠮ᠎ᠠ ᠦᠭᠡᠢ ᠪᠠᠯᠠᠮᠠᠳ ᠦᠢᠯᠡᠳᠦᠯ ᠪᠥᠭᠡᠳ ᠦᠨᠳᠦᠰᠦᠲᠡᠨ ᠪ ᠲᠡᠷᠢᠭᠦᠨ ᠪ ᠣᠶᠤᠨ ᠤᠬᠠᠭᠠᠨ᠂ ᠳᠠᠷᠬᠠᠯᠠᠭ᠎ᠠ ᠵᠢ ᠮᠥᠬᠦᠭᠡᠬᠦ ᠳᠠᠯᠳᠠ ᠶᠠᠪᠤᠭᠤᠯᠭ᠎ᠠ ᠵᠢᠨ ᠢᠯᠡᠷᠬᠡᠢᠢᠯᠡᠯ ᠶᠤᠮ᠃ ᠮᠤᠩᠭᠤᠯ ᠤᠨ ᠲᠥᠷᠦ ᠳᠠᠬᠢᠵᠤ ᠠᠷᠠᠳ ᠢᠷᠭᠡᠳ ᠵᠢᠨᠨ ᠬᠡᠯᠮᠡᠭᠳᠡᠭᠦᠯᠬᠦ ᠦᠭᠡᠢ ᠪᠠᠢᠢᠬᠤ ᠪᠠᠲᠤ ᠪᠥᠬᠡ ᠠᠷᠠᠳᠴᠢᠯᠠᠯ᠂ ᠰᠢᠳᠤᠷᠭᠤ ᠶᠤᠰᠣ ᠵᠢ ᠪᠡᠬᠢᠵᠢᠭᠦᠯᠬᠦ ᠤᠴᠢᠷᠲᠠᠢ ᠃ ᠲᠡᠢᠢᠮᠦ ᠡ‍ᠴᠡ ᠮᠤᠩᠭᠤᠯ ᠤᠨ ᠲᠥᠷᠦ ᠬᠡᠯᠮᠡᠭᠳᠡᠭᠰᠡᠳ ᠤᠨ ᠠᠷᠤ ᠭᠡᠷ ᠂ ᠦᠷ᠎ᠡ ᠬᠡᠦᠬᠡᠳ ᠡ‍ᠴᠡ ᠣᠷᠤᠢᠢᠲᠠᠭᠰᠠᠨ ᠴᠦ ᠭᠡᠰᠡᠨ ᠠᠭᠤᠴᠢᠯᠠᠯᠲᠠ ᠬᠦᠰᠡᠵᠦ ᠶᠤᠰᠣ ᠵᠦᠢ ᠲᠠᠢ ᠪᠠᠢᠢᠬᠤ ᠶᠤᠰᠤᠲᠠᠢ ᠃ ᠪᠢ ᠤᠯᠤᠰ ᠣᠷᠤᠨ ᠊ᠢ ᠲᠡᠷᠢᠭᠦᠯᠡᠵᠦ ᠪᠠᠢᠢᠭ᠎ᠠ ᠬᠥᠮᠦᠨ ᠪ ᠬᠤᠪᠢ ᠳᠤ ᠤᠯᠤᠰ ᠲᠥᠷᠦ ᠵᠢᠨ ᠬᠡᠯᠮᠡᠭᠳᠡᠭᠦᠯᠦᠯᠲᠡ ᠳ᠋ᠦ ᠥᠷᠲᠦᠭᠰᠡᠨ ᠢᠷᠭᠡᠳ ᠤᠨ ᠠᠷᠤ ᠭᠡᠷ ᠂ ᠦᠷ᠎ᠡ ᠬᠤᠢᠴᠢᠰ ᠠᠴᠠ ᠭᠦᠨ᠎ᠡ ᠠᠭᠤᠴᠢᠯᠠᠯ ᠬᠦᠰᠡᠵᠦ ᠪᠠᠢᠢᠨ᠎ᠠ ᠭᠡᠯ᠎ᠡ ᠃

ᠰᠡᠳᠬᠢᠭᠳᠡᠯ ᠦᠯᠡᠳᠡᠭᠡᠬᠦ