ᠶᠦᠭᠡ ᠪᠡᠷ ᠬᠢᠴᠢᠶᠡᠯᠯᠡᠭᠴᠢ᠂ ᠰᠤᠨᠢᠷᠬᠠᠭᠴᠢᠳ ᠲᠤ ᠵᠤᠷᠢᠭᠤᠯᠤᠭᠰᠠᠨ ᠭᠤᠪᠢ ᠨᠤᠲᠤᠭ ᠲᠠᠢ ᠲᠠᠨᠢᠯᠴᠠᠬᠤ ᠵᠢᠷᠭᠤᠭᠠᠨ ᠡᠳᠦᠷ ᠦᠨ ᠠᠶᠠᠯᠠᠯ ᠊ᠢ ᠨᠤᠮᠠᠳ᠋ ᠫᠯᠠᠨᠧᠲ ᠺᠣᠮᠫᠠᠨᠢ ᠵᠢᠨ ᠬᠢᠨ ᠵᠤᠬᠢᠶᠠᠨ ᠪᠠᠢᠢᠭᠤᠯᠬᠤ ᠪᠡᠷ ᠪᠣᠯᠵᠠᠢ᠃ 2008 ᠣᠨ ᠡᠴᠠ ᠠᠶᠠᠯᠠᠯ ᠵᠢᠭᠤᠯᠴᠢᠯᠠᠯ ᠤᠨ ᠰᠠᠯᠪᠤᠷᠢ ᠳᠤ ᠠᠵᠢᠯᠯᠠᠭᠰᠠᠨ ᠲᠤᠰ ᠺᠣᠮᠫᠠᠨᠢ ᠵᠢᠨ ᠬᠢᠨ ᠮᠤᠩᠭᠤᠯᠴᠤᠳ ᠲᠠᠭᠠᠨ ᠵᠤᠷᠢᠭᠤᠯᠤᠭᠰᠠᠨ ᠠᠶᠠᠯᠠᠯ ᠤᠨ ᠥᠪᠡᠷᠮᠢᠴᠡ ᠪᠦᠲᠦᠭᠡᠭᠳᠡᠬᠦᠨ ᠰᠠᠨᠠᠭᠠᠴᠢᠯᠠᠭᠰᠠᠨ ᠨᠢ ᠡᠨᠡ ᠠᠵᠠᠢ᠃ ᠣᠷᠤᠯᠴᠠᠭᠴᠢᠳ ᠤᠯᠠᠭᠠᠨᠪᠠᠭᠠᠲᠤᠷ ᠂ ᠴᠠᠭᠠᠨ ᠰᠤᠪᠤᠷᠭ᠎ᠠ ᠂ ᠶᠤᠯᠣ ᠵᠢᠨ ᠠᠮᠠ ᠂ ᠵᠡᠭᠦᠨ ᠰᠠᠢᠢᠬᠠᠨ ᠠᠭᠤᠯᠠ ᠂ ᠬᠤᠩᠭᠤᠷ ᠤᠨ ᠡᠯᠡᠰᠦ ᠂ ᠠᠷᠴᠠ ᠪᠣᠭᠳᠠ ᠵᠢᠨ ᠬᠠᠪᠴᠢᠯ ᠂ ᠥᠭᠡᠰᠢ ᠰᠢᠬᠠᠯᠠᠭᠠ ᠪᠤᠶᠤ ︽ᠮᠤᠩᠭᠤᠯ ᠫᠢᠷᠠᠮᠢᠳ᠋︾᠂ ᠡᠯᠡᠰᠦᠨ ᠲᠠᠰᠤᠷᠬᠠᠢ ᠭᠡᠰᠡᠨ ᠴᠢᠭᠯᠡᠯ ᠵᠢᠨᠷ ᠠᠶᠠᠯᠠᠨ᠎ᠠ ᠃ ᠢᠩᠭᠢᠬᠦ ᠳ᠋ᠦ ᠪᠡᠨ ᠮᠡᠷᠭᠡᠵᠢᠯ ᠤᠨ ᠪᠠᠭᠰᠢ ᠵᠢᠨ ᠤᠳᠤᠷᠢᠳᠤᠯᠭ᠎ᠠ ᠪᠡᠷ ᠡᠳᠦᠷ ᠪᠦᠷᠢ ᠲᠤᠳᠤᠷᠬᠠᠢ ᠬᠤᠭᠤᠴᠠᠭ᠎ᠠ ᠪᠡᠷ ᠶᠦᠭᠡ ᠬᠢᠬᠦ ᠶᠤᠮ ᠃