ᠹᠢᠪᠠ3*3 ᠤᠯᠠᠷᠢᠯ ᠤᠨ ᠡᠨᠡ ᠣᠨ ᠪ ᠬᠤᠶᠠᠳᠠᠭᠢ︽ᠶᠡᠬᠡ ᠳᠤᠭᠤᠯᠠᠭ᠎ᠠ︾ᠬᠠᠩᠭᠠᠷᠢ ᠳ᠋ᠤ ᠡᠬᠢᠯᠡᠯ᠎ᠡ᠃ ᠲᠡᠮᠡᠴᠡᠭᠡᠨ ᠳ᠋ᠦ ᠮᠤᠩᠭᠤᠯ ᠤᠯᠤᠰ ᠤᠨ︽ᠤᠯᠠᠭᠠᠨᠪᠠᠭᠠᠲᠤᠷ ММС ᠡᠨᠧᠷᠭᠢ︾ ᠪᠠᠭ ᠣᠷᠤᠯᠴᠠᠵᠤ ᠪᠠᠢᠢᠨ᠎ᠠ ᠃ ᠲᠡᠳᠡ ︽B︾ᠬᠡᠰᠡᠭ ᠤᠨ ᠡᠬᠢᠨ ᠪ ᠲᠤᠭᠯᠠᠯᠲᠠ ᠪᠠᠨ ᠳᠡᠯᠡᠬᠡᠢ ᠵᠢᠨ ᠳᠥᠷᠪᠡᠨ ᠤᠳᠠᠭᠠᠨ ᠪ ᠠᠪᠤᠷᠭᠤ ᠂ ᠮᠡᠷᠭᠡᠵᠢᠯ ᠤᠨ ᠴᠢᠨᠰᠠᠭ᠎ᠠ ᠵᠢᠨ ᠨᠤᠮᠧᠷ ᠬᠤᠶᠠᠷ ᠪᠠᠭ ᠰᠸᠷᠪᠢᠶᠠ ᠶᠢᠨ︽ᠨᠤᠸᠢ ᠰᠠᠳ᠋︾ᠪᠠᠭ ᠲᠠᠢ ᠬᠢᠵᠦ 21:6 ᠪᠠᠷ ᠢᠯᠠᠭᠳᠠᠭᠰᠠᠨ ᠃ ᠭᠡᠬᠦ ᠳ᠋ᠦ ᠪᠡᠨ ᠴᠸᠬᠣ᠋ ᠵᠢᠨ ᠰᠢᠭᠰᠢᠭᠡ︽ᠬᠤᠮᠫᠤᠯᠸ᠋ᠼ︾ᠪᠠᠭ ᠊ᠢ 20:15 ᠪᠠᠷ ᠬᠤᠵᠢᠭᠰᠠᠨ ᠶᠤᠮ ᠃ ᠢᠩᠭᠢᠭᠰᠡᠨ ᠵᠢᠨᠷ ︽ᠤᠯᠠᠭᠠᠨᠪᠠᠭᠠᠲᠤᠷ ММСᠡᠨᠧᠷᠭᠢ︾ᠲᠠᠪᠤᠳᠠᠭᠢ ᠤᠳᠠᠭ᠎ᠠ ᠪᠠᠨ ︽ᠳᠤᠭᠤᠯᠠᠭ᠎ᠠ︾ᠲᠡᠮᠡᠴᠡᠭᠡᠨ ᠪ ᠰᠢᠯᠢᠳᠡᠭ ᠨᠠᠢᠮᠠ ᠳᠤ ᠰᠢᠯᠭᠠᠷᠠᠯ᠎ᠠ᠃ ᠲᠡᠳᠡ ᠣᠳᠣ ᠰᠠᠭᠰᠤᠨ ᠪᠥᠮᠪᠥᠭᠡ ᠵᠢᠨ ᠡᠬᠡ ᠣᠷᠤᠨ ᠠᠮᠧᠷᠢᠺᠠ ᠵᠢᠨ ᠨᠢᠦ᠋ ᠶᠤᠷᠺ ᠬᠤᠲᠠ ᠵᠢᠨ︽ᠬᠠᠷᠯᠸᠮ︾ᠪᠠᠭ ᠲᠠᠢ ᠲᠤᠭᠯᠠᠨ᠎ᠠ ᠃