ᠵᠢᠦᠳᠤᠣ ᠪᠥᠬᠡ ᠵᠢᠨ ᠠᠽᠢᠶ᠎ᠠ ᠂ ᠨᠤᠮᠤᠬᠠᠨ ᠳᠠᠯᠠᠢ ᠵᠢᠨ ᠣᠷᠤᠨ ᠨᠤᠭᠤᠳ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢᠷᠡᠬᠦ ᠠᠷᠪᠠᠨ ᠨᠢᠭᠡᠳᠦᠭᠡᠷ ᠰᠠᠷ᠎ᠠ ᠵᠢᠨ 26 – 29 ᠳ᠋ᠦ ᠤᠯᠠᠭᠠᠨᠪᠠᠭᠠᠲᠤᠷ ᠬᠤᠲᠠ ᠳᠤ ᠵᠤᠬᠢᠶᠠᠨ ᠪᠠᠢᠢᠭᠤᠯᠤᠭᠳᠠᠨᠠ ᠃ ᠥᠩᠭᠡᠷᠡᠭᠰᠡᠨ ᠨᠠᠢᠮᠠᠳᠤᠭᠠᠷ ᠰᠠᠷ᠎ᠠ ᠵᠢᠨ 28 ᠳ᠋ᠦ ᠠᠽᠢᠶ᠎ᠠ ᠵᠢᠨ ᠵᠢᠦᠳᠤᠣ ᠪᠥᠬᠡ ᠵᠢᠨ ᠬᠤᠯᠪᠣᠭᠠᠨ ᠪ ᠤᠳᠤᠷᠢᠳᠬᠤ ᠵᠥᠪᠯᠡᠯ ᠤᠨ ᠣᠩᠯᠠᠢᠢᠨ ᠬᠤᠷᠠᠯ ᠪᠣᠯᠵᠤ ᠂ ᠳᠡᠭᠡᠷᠡᠬᠢ ᠡᠳᠦᠷ ᠊ᠢ ᠰᠤᠩᠭᠤᠭᠰᠠᠨ ᠶᠤᠮ ᠃
ᠲᠠᠰᠢᠷᠠᠮ ᠳᠤ ᠰᠤᠨᠢᠷᠬᠠᠭᠤᠯᠬᠤ ᠳ᠋ᠤ ᠂ ᠡᠨᠡ ᠲᠡᠮᠡᠴᠡᠭᠡᠨ ᠥᠩᠭᠡᠷᠡᠭᠰᠡᠨ ᠳᠥᠷᠪᠡᠳᠦᠭᠡᠷ ᠰᠠᠷ᠎ᠠ ᠵᠢᠨ 15 – 17 ᠳ᠋ᠦ ᠤᠯᠠᠭᠠᠨᠪᠠᠭᠠᠲᠤᠷ ᠬᠤᠲᠠ ᠳᠦ ᠵᠤᠬᠢᠶᠠᠨ ᠪᠠᠢᠢᠭᠤᠯᠤᠭᠳᠠᠬᠤ ᠪᠠᠷ ᠲᠥᠯᠦᠪᠯᠡᠭᠳᠡᠵᠦ ᠂ 20 ᠭᠠᠷᠤᠢ ᠣᠷᠤᠨ ᠪ 88 ᠲᠠᠮᠢᠷᠴᠢᠨ ᠥᠷᠢᠰᠦᠯᠳᠦᠬᠦ ᠪᠡᠷ ᠮᠡᠳᠡᠭᠦᠯᠭᠡ ᠪᠡᠨ ᠢᠷᠡᠭᠦᠯᠦᠭᠡᠳ ᠪᠠᠢᠢᠭᠰᠠᠨ ᠶᠤᠮ ᠃ ᠭᠡᠪᠡᠴᠦ ᠰᠡᠭᠦᠯ ᠤᠨ ᠦᠶ᠎ᠡ ᠳ᠋ᠦ ᠳᠡᠯᠡᠬᠡᠢ ᠳ᠋ᠠᠬᠢᠨ ᠳᠤ ᠬᠤᠷᠳᠤᠴᠠ ᠲᠠᠢ ᠲᠠᠷᠬᠠᠭᠠᠳ ᠪᠤᠢ ᠲᠠᠬᠤᠯ ᠤᠨ ᠤᠯᠠᠮ ᠡᠴᠠ ᠬᠤᠢᠰᠢᠯᠠᠭᠳᠠᠭᠰᠠᠨ ᠪᠢᠯᠡ ᠃