ᠮᠤᠩᠭᠤᠯ ᠡᠬᠡ ᠣᠷᠤᠨ ᠪ ᠪᠠᠨ ᠥᠨᠴᠦᠭ ᠪᠤᠯᠤᠩ ᠪᠦᠷᠢ ᠳ᠋ᠦ ᠰᠠᠭᠤᠭ᠎ᠠ ᠬᠡᠦᠬᠡᠳ ᠪᠠᠭᠠᠴᠤᠳ ᠲᠦ ᠪᠡᠨ 2020 ᠣᠨ ᠪ ᠬᠢᠴᠢᠶᠡᠯ ᠤᠨ ᠰᠢᠨ᠎ᠡ ᠵᠢᠯ ᠤᠨ ᠪᠠᠶᠠᠷ ᠤᠨ ᠮᠡᠨᠳᠦ ᠬᠦᠷᠭᠡᠶ᠎ᠡ᠃ ᠡᠨᠡ ᠬᠦ ᠪᠠᠶᠠᠷ ᠤᠨ ᠡᠳᠦᠷ ᠲᠠᠢ ᠳᠠᠪᠬᠤᠴᠠᠨ 18 ᠬᠦᠷᠲᠡᠯᠡᠬᠢ ᠨᠠᠰᠤᠨ ᠪ ᠬᠡᠦᠬᠡᠳ ᠤᠳ ᠮᠦᠽᠧᠢ ᠵᠢ ᠦᠨ᠎ᠡ ᠦᠭᠡᠢ ᠦᠵᠡᠬᠦ ᠰᠢᠢᠳᠪᠦᠷᠢ ᠵᠢ ᠮᠤᠩᠭᠤᠯ ᠤᠯᠤᠰ ᠦᠨ ᠰᠤᠶᠤᠯ ᠤᠨ ᠶᠠᠮᠤᠨ ᠭᠠᠷᠭᠠᠯ᠎ᠠ ᠃ ᠰᠤᠶᠤᠯ ᠤᠨ ᠰᠠᠢᠢᠳ ᠤᠨ А – 03 ᠲᠤᠰᠢᠶᠠᠯ ᠤᠨ ᠳᠠᠭᠠᠤ ᠶᠢᠰᠦᠳᠦᠭᠡᠷ ᠰᠠᠷ᠎ᠠ ᠵᠢᠨ 1 ᠡᠴᠡ ᠬᠡᠦᠬᠡᠳ ᠦᠳ ᠪᠦᠬᠦ ᠮᠦᠽᠧᠢ ᠵᠢ ᠦᠨ᠎ᠡ ᠲᠥᠯᠦᠪᠦᠷᠢ ᠦᠭᠡᠢ ᠦᠵᠡᠨ᠎ᠡ ᠃
ᠮᠤᠩᠭᠤᠯ ᠦᠨ ᠦᠨᠳᠦᠰᠦᠨ ᠪ ᠮᠦᠽᠧᠢ ᠨᠢ ᠠᠬᠠᠮᠠᠳ ᠨᠠᠰᠤᠲᠠᠨ ᠂ ᠬᠥᠭᠵᠢᠯ ᠤᠨ ᠪᠡᠷᠬᠡᠰᠢᠶᠡᠯ ᠲᠠᠢ ᠢᠷᠭᠡᠳ ᠂ 0 – 6 ᠨᠠᠰᠤᠨ ᠪ ᠬᠡᠦᠬᠡᠳ ᠤᠳ ᠊ᠢ ᠦᠨ᠎ᠡ ᠲᠥᠯᠦᠪᠦᠷᠢ ᠦᠭᠡᠢ ᠦᠵᠡᠭᠦᠯᠳᠡᠭ ᠪᠢᠯᠡ ᠃ ᠡᠬᠡ ᠲᠡᠦᠬᠡ ᠪᠡᠨ ᠰᠤᠷᠴᠤ ᠮᠡᠳᠡᠬᠦ ᠂ ᠠᠮᠠᠷᠠᠯᠲᠠ ᠴᠢᠯᠦᠭᠡᠲᠦ ᠴᠠᠭ ᠵᠢᠨᠨ ᠮᠦᠽᠧᠢ ᠳ᠋ᠦ ᠦᠷ᠎ᠡ ᠪᠦᠲᠦᠭᠡᠯ ᠲᠠᠢ ᠥᠩᠭᠡᠷᠡᠭᠦᠯᠬᠦ ᠳ᠋ᠦ ᠵᠤᠷᠢᠯᠲᠠᠲᠤ ᠪᠦᠯᠦᠭ ᠊ᠢ ᠳᠡᠮᠵᠢᠳᠡᠭ ᠤᠭ ᠠᠵᠢᠯ ᠤᠨ ᠴᠠᠷ᠎ᠠ ᠬᠦᠷᠢᠶ᠎ᠡ ᠡᠢᠢᠨ ᠬᠦ ᠥᠰᠦᠨ ᠨᠡᠮᠡᠭᠳᠡᠵᠦ 18 ᠬᠦᠷᠲᠡᠯᠡᠬᠢ ᠨᠠᠰᠤᠨ ᠪ ᠬᠢᠨ ᠮᠦᠽᠧᠢ ᠳ᠋ᠦ ᠦᠨ᠎ᠡ ᠦᠭᠡᠢ ᠵᠤᠴᠢᠯᠠᠬᠤ ᠪᠣᠯᠤᠮᠵᠢ ᠨᠡᠭᠡᠭᠡᠭᠳᠡᠭᠰᠡᠨ ᠳ᠋ᠦ ᠪᠢᠳᠠ ᠲᠠᠯᠠᠷᠬᠠᠵᠤ ᠪᠠᠢᠢᠨ᠎ᠠ ᠃
ᠴᠤᠤᠲᠠᠢ ᠳᠡᠭᠡᠳᠦᠰ ᠤᠨ ᠪᠠᠭᠠᠲᠤᠷᠯᠢᠭ ᠲᠡᠦᠬᠡ ᠰᠤᠶᠤᠯ ᠤᠨ ᠦᠨᠡᠲᠦ ᠥᠪ ᠂ ᠤᠷᠠᠯᠢᠭ ᠤᠨ ᠪᠦᠲᠦᠭᠡᠯ ᠤᠨ ᠶᠠᠨᠳᠠᠰᠢ ᠦᠭᠡᠢ ᠪᠠᠶᠠᠯᠢᠭ ᠰᠠᠩ ᠲᠠᠢ ᠮᠤᠩᠭᠤᠯ ᠤᠨ ᠦᠨᠳᠦᠰᠦᠨ ᠪ ᠮᠦᠽᠧᠢ ᠳ᠋ᠦ ᠲᠠᠪᠠᠲᠠᠢ ᠮᠤᠷᠢᠯᠠᠬᠤ ᠵᠢ ᠤᠷᠢᠵᠤ ᠪᠠᠢᠢᠨ᠎ᠠ᠃ ᠮᠤᠩᠭᠤᠯ ᠤᠨ ᠦᠨᠳᠦᠰᠦᠨ ᠪ ᠮᠦᠽᠧᠢ ᠨᠢ ᠮᠢᠭᠮᠠᠷ ᠡᠴᠠ – ᠪᠢᠮᠪᠠ ᠭᠠᠷᠠᠭ ᠤᠳ ᠲᠤ 9:00 – 17:00 ᠴᠠᠭ ᠲᠤ ᠨᠡᠭᠡᠭᠡᠯᠲᠡ ᠲᠠᠢ ᠃ ᠮᠦᠽᠧᠢ ᠦᠵᠡᠪᠦᠷᠢ ᠵᠢᠨ ᠲᠠᠩᠬᠢᠮ ᠵᠢᠨᠨ ᠲᠤᠭᠲᠠᠮᠠᠯ ᠠᠷᠢᠭᠤᠳᠬᠠᠨ᠂ ᠤᠯᠤᠰ ᠤᠨ ᠤᠨᠴᠠᠭᠠᠢ ᠺᠤᠮᠢᠰ ᠤᠨ ᠵᠢᠭᠠᠪᠤᠷᠢ ᠵᠢᠷᠤᠮ ᠊ᠢ ᠦᠢᠯᠡᠴᠢᠯᠡᠭᠡᠨ ᠳ᠋ᠦ ᠪᠡᠨ ᠨᠢᠭᠲᠠ ᠮᠥᠷᠳᠡᠨ ᠠᠵᠢᠯᠯᠠᠵᠤ ᠪᠠᠢᠢᠨ᠎ᠠ ᠃
ᠡᠭᠦᠨ ᠦ ᠲᠤᠯᠠ ᠦᠨᠳᠦᠰᠦᠨ ᠪ ᠮᠦᠽᠧᠢ