ᠬᠠᠷᠷᠢ ᠫᠤᠲᠲᠸᠷ ᠤᠨ ᠶᠢᠷᠲᠢᠨᠴᠦ ᠪᠡᠷ ᠠᠶᠠᠯᠠᠭᠤᠯᠬᠤ ᠫᠠᠷᠺ ᠢ 2023 ᠣᠨ ᠳᠦ ᠨᠡᠭᠡᠭᠡᠨ᠎ᠡ | News.MN

ᠬᠠᠷᠷᠢ ᠫᠤᠲᠲᠸᠷ ᠤᠨ ᠶᠢᠷᠲᠢᠨᠴᠦ ᠪᠡᠷ ᠠᠶᠠᠯᠠᠭᠤᠯᠬᠤ ᠫᠠᠷᠺ ᠢ 2023 ᠣᠨ ᠳᠦ ᠨᠡᠭᠡᠭᠡᠨ᠎ᠡ

Warner Bros ᠰᠲ᠋ᠦᠳᠢ ᠲᠤᠤᠺᠢᠣ᠋ ᠬᠤᠲᠠ ᠳᠦ 2023 ᠣᠨ ᠳᠦ ᠬᠠᠷᠷᠢ ᠫᠤᠲᠲᠸᠷ ᠤᠨ ᠶᠢᠷᠲᠢᠨᠴᠦ ᠡ‍ᠴᠡ ᠰᠡᠳᠦᠪᠯᠡᠭᠰᠡᠨ ᠫᠠᠷᠺ ᠨᠡᠭᠡᠭᠡᠬᠦ ᠪᠡᠷ ᠲᠥᠯᠦᠪᠯᠡᠭᠰᠡᠨ ᠭᠡᠳᠡᠭ ᠵᠢᠨᠨ ᠮᠡᠳᠡᠭᠡᠯᠡᠵᠡᠢ ᠃ ᠺᠢᠨᠣ᠋ ᠫᠠᠷᠺ ᠨᠢ ᠲᠤᠤᠺᠢᠣ᠋ ᠬᠤᠲᠠ ᠵᠢᠨ ᠲᠥᠪ ᠡ‍ᠴᠡ 30 ᠮᠢᠨᠦ᠋ᠲ ᠦᠨ ᠵᠠᠢ ᠳᠦ ᠣᠷᠤᠰᠢᠬᠤ  ᠨᠡᠷᠢᠮᠠ ᠳᠡᠭᠦᠷᠭᠡ ᠳ᠋ᠦ ᠪᠠᠷᠢᠭᠳᠠᠬᠤ ᠪᠠᠷ ᠪᠣᠯᠤᠭᠰᠠᠨ ᠪᠠᠢᠢᠨ᠎ᠠ ᠃ ᠰᠡᠳᠦᠪᠴᠢᠯᠡᠭᠰᠡᠨ  ᠫᠠᠷᠺ ᠲᠤ ᠬᠦᠷᠦᠯᠴᠡᠨ ᠢᠷᠡᠭᠰᠡᠨ ᠵᠤᠴᠢᠳ ᠰᠢᠳᠢᠲᠡᠨ ᠬᠦᠦ ᠵᠢᠨ ᠲᠤᠬᠠᠢ ᠠᠯᠳᠠᠷᠲᠤ ᠺᠢᠨᠣ᠋ ᠳ᠋ᠤ ᠠᠰᠢᠭᠯᠠᠭᠰᠠᠨ ᠺᠣᠰᠲ᠋ᠢᠶᠤᠮ ᠂ ᠳ᠋ᠸᠺᠤᠷᠠᠼ ᠪᠣᠯᠤᠨ ᠪᠤᠰᠤᠳ ᠡ‍ᠳ᠋ ᠬᠤᠭᠰᠢᠯ  ᠤᠳ ᠊ᠢ ᠦᠵᠡᠵᠦ ᠰᠤᠨᠢᠷᠬᠠᠬᠤ ᠪᠣᠯᠤᠮᠵᠢᠲᠠᠢ ᠃

ᠺᠢᠨᠣ᠋ ᠫᠠᠷᠺ ᠲᠤ ᠵᠤᠷᠢᠭᠤᠯᠤᠨ ᠾᠤᠭᠸᠠᠷᠲ᠋ᠢᠰ ᠰᠤᠷᠭᠠᠭᠤᠯᠢ ᠂ ᠮᠤᠷᠤᠢ ᠭᠤᠳᠤᠮᠵᠢ ᠂ ᠬᠤᠷᠢᠭᠠᠲᠠᠢ ᠣᠢ ᠂ ᠭᠷᠢᠩᠭᠦ᠋ᠲᠲᠰ ᠪᠠᠩᠬᠢ ᠵᠡᠷᠭᠡ ᠰᠢᠳᠢᠲᠡᠨ ᠪ ᠶᠢᠷᠲᠢᠨᠴᠦ ᠵᠢᠨ ᠪᠦᠬᠦᠢᠢᠯᠡ ᠴᠢᠬᠤᠯᠠ ᠪᠠᠢᠢᠷᠢᠰᠢᠯ  ᠦᠳ ᠊ᠢ ᠪᠦᠲᠦᠭᠡᠨ ᠪᠠᠢᠢᠭᠤᠯᠬᠤ ᠪᠡᠷ ᠪᠣᠯᠵᠠᠢ ᠃ ᠨᠡᠢᠢᠲᠡ 30 ᠮᠢᠩᠭᠠᠨ ᠲᠡᠭᠰᠢ ᠳᠦᠷᠪᠡᠯᠵᠢᠨ ᠲᠠᠯᠠᠪᠠᠢ ᠲᠠᠢ ᠰᠡᠳᠦᠪᠴᠢᠯᠡᠭᠰᠡᠨ ᠫᠠᠷᠺ ᠨᠢ ᠶᠠᠭ ᠯᠡ ᠬᠠᠷᠷᠢ ᠫᠤᠲᠲᠸᠷ ᠤᠨ ᠶᠢᠷᠲᠢᠨᠴᠦ ᠳ᠋ᠦ ᠢᠷᠡᠭᠰᠡᠨ ᠮᠡᠲᠦ ᠮᠡᠳᠡᠷᠡᠮᠵᠢ ᠵᠢ ᠲᠠᠨ ᠳ᠋ᠤ ᠲᠥᠷᠦᠭᠦᠯᠬᠦ ᠪᠣᠯᠤᠨ᠎ᠠ ᠭᠡᠵᠡᠢ ᠃

ᠰᠡᠳᠬᠢᠭᠳᠡᠯ ᠦᠯᠡᠳᠡᠭᠡᠬᠦ