ᠲᠤᠤᠺᠢᠣ᠋ ᠵᠢᠨ ᠵᠢᠷᠤᠭᠠᠴᠢᠳ ᠳᠤᠲᠤᠭᠠᠳᠤ ᠤᠷᠠᠨ ᠰᠡᠳᠬᠢᠮᠵᠢ ᠪᠡᠨ ᠬᠠᠨ᠎ᠠ ᠲᠤᠭᠤᠷᠭᠠᠨ ᠳ᠋ᠤ ᠪᠠᠭᠤᠯᠭᠠᠬᠤ ᠪᠣᠯᠪᠠ | News.MN

ᠲᠤᠤᠺᠢᠣ᠋ ᠵᠢᠨ ᠵᠢᠷᠤᠭᠠᠴᠢᠳ ᠳᠤᠲᠤᠭᠠᠳᠤ ᠤᠷᠠᠨ ᠰᠡᠳᠬᠢᠮᠵᠢ ᠪᠡᠨ ᠬᠠᠨ᠎ᠠ ᠲᠤᠭᠤᠷᠭᠠᠨ ᠳ᠋ᠤ ᠪᠠᠭᠤᠯᠭᠠᠬᠤ ᠪᠣᠯᠪᠠ

ᠲᠤᠤᠺᠢᠣ᠋ ᠵᠢᠨ ᠠᠷᠲ ᠲᠠᠯᠠᠪᠠᠢ ᠨᠤᠭᠤᠳ ᠨᠢ ᠡ‍ᠷᠴᠢ ᠬᠦᠴᠦᠨ ᠪ ᠲᠠᠯᠠᠪᠤᠷ ᠪᠥᠭᠡᠳ ᠡ‍ᠨᠡ ᠡ‍ᠷᠴᠢᠮᠲᠦ ᠬᠤᠲᠠ ᠰᠢᠨ᠎ᠡ ᠰᠠᠨᠠᠭ᠎ᠠ ᠡ‍ᠷᠢᠨ  ᠬᠠᠢᠭᠴᠢᠳ ᠲᠤ ᠬᠠᠮᠤᠭ  ᠤᠨ ᠲᠤᠬᠢᠷᠠᠮᠵᠢᠲᠠᠢ ᠭᠠᠵᠠᠷ ᠪᠣᠯᠵᠠᠢ᠃ ᠰᠠᠢᠢᠬᠠᠨ ᠰᠡᠳᠭᠢᠯᠲᠦ Luv ᠮᠤᠨᠰᠲ᠋ᠠᠷ ᠢ ᠣᠳᠣ ᠬᠤᠲᠠ ᠵᠢᠨ ᠪᠠᠢᠢᠷᠢᠨ ᠪ ᠬᠠᠨ᠎ᠠ ᠡᠴᠠ ᠣᠯᠵᠤ ᠬᠠᠷᠠᠬᠤ ᠨᠢ ᠶᠡᠷᠦᠳᠡ ᠵᠢᠨ ᠬᠡᠷᠡᠭ ᠪᠣᠯᠵᠠᠢ ᠃ ᠲᠡᠭᠦᠨ ᠊ᠢ ᠥᠪᠡᠷ ᠊ᠢ ᠪᠡᠨ Ly ᠭᠡᠵᠦ ᠨᠡᠷᠡᠯᠡᠭᠰᠡᠨ ᠵᠢᠷᠤᠭᠠᠴᠢ ᠪᠦᠰᠡᠭᠦᠢ ᠰᠡᠳᠬᠢᠨ ᠪᠦᠲᠦᠭᠡᠵᠡᠢ ᠃ ᠲᠡᠷᠡ ᠶᠠᠷᠢᠬᠤ ᠳ᠋ᠤ ᠪᠠᠨ ᠂ ᠮᠢᠨᠤ ᠲᠠᠷᠢᠬᠢ ᠲᠤᠯᠤᠭᠠᠢ ᠣᠯᠠᠨ ᠶᠠᠩᠵᠤ ᠵᠢᠨ ᠶᠢᠷᠲᠢᠨᠴᠦ ᠵᠢᠨ ᠬᠠᠳᠠᠭᠠᠯᠠᠮᠵᠢ ᠪᠣᠯᠤᠭᠰᠠᠨ᠃ ᠪᠢ ᠥᠪᠡᠷ  ᠤᠨ ᠰᠠᠨᠠᠭ᠎ᠠ ᠪᠣᠳᠤᠯ ᠊ᠢ ᠪᠣᠳᠠᠲᠤ ᠪᠣᠯᠭᠠᠬᠤ ᠬᠦᠰᠡᠯ ᠲᠠᠢ ᠃ ᠲᠡᠭᠦᠨ ᠊ᠢ ᠪᠠᠢᠢᠷᠢ ᠰᠠᠭᠤᠴᠠ ᠵᠢᠨ ᠬᠠᠨᠠᠨ ᠳ᠋ᠤ ᠢᠯᠡᠷᠬᠡᠢᠢᠯᠡᠬᠦ ᠨᠢ ᠬᠠᠮᠤᠭ  ᠤᠨ ᠪᠦᠲᠦᠮᠵᠢ ᠲᠠᠢ ᠪᠠᠢᠢᠳᠠᠭ ᠃ ᠢᠩᠭᠢᠭᠡᠳ ᠪᠢ ᠭᠤᠳᠤᠮᠵᠢᠨ ᠪ ᠤᠷᠠᠯᠢᠭ ᠲᠤ ᠰᠢᠯᠵᠢᠯ᠎ᠡ ᠭᠡᠵᠡᠢ ᠃

ᠤᠷᠠᠯᠢᠭ ᠲᠤ ᠲᠠᠷᠢᠬᠢ ᠲᠤᠯᠤᠭᠠᠢ ᠪᠡᠷ ᠪᠦᠷᠢᠨ ᠱᠤᠮᠪᠠᠨ ᠣᠷᠤᠵᠤ ᠂ ᠪᠣᠳᠠᠲᠤ ᠪᠠᠢᠢᠳᠠᠯ  ᠤᠨ  ᠡᠷᠡᠮᠡᠭ ᠢ ᠠᠭᠤᠰᠤᠭᠰᠠᠨ ᠪᠢᠰᠢᠯᠭᠠᠯ ᠳᠦ ᠣᠷᠤᠬᠤ ᠵᠢ teamLab ᠭᠡᠬᠦ ᠪᠦᠲᠦᠭᠡᠯ  ᠤᠨ  ᠲᠤᠷᠰᠢᠯᠲᠠ ᠶᠢᠨ ᠲᠠᠰᠤᠭ ᠢ ᠤᠷᠠᠨ ᠪᠦᠲᠦᠭᠡᠯᠴᠢᠳ ᠦᠵᠡᠭᠴᠢᠳ ᠲᠦ ᠰᠠᠨᠠᠯ ᠪᠣᠯᠭᠠᠵᠤ ᠪᠠᠢᠢᠭ᠎ᠠ ᠶᠤᠮ ᠃ ᠲᠤᠤᠺᠢᠣ᠋ ᠬᠤᠲᠠ ᠵᠢᠨ ᠣᠢᠢᠷᠠᠯᠴᠠᠭᠠᠬᠢ ᠤᠳᠠᠢᠪᠠ ᠠᠷᠠᠯ ᠳᠡᠭᠡᠷ᠎ᠡ ᠳ᠋ᠢᠽᠢᠲ᠋ᠠᠯ ᠤᠷᠠᠯᠢᠭ  ᠤᠨ ᠶᠡᠷᠦ ᠪᠤᠰᠤ ᠵᠢᠨ ᠮᠦᠽᠧᠢ ᠨᠡᠭᠡᠭᠡᠭᠳᠡᠭᠰᠡᠨ ᠪᠠᠢᠢᠨ᠎ᠠ ᠃ ᠲᠡᠨᠳᠡ teamLab ᠪᠦᠯᠦᠭ  ᠤᠨ ᠵᠢᠷᠤᠭᠠᠴᠢᠳ Boarderless ᠭᠡᠬᠦ  ᠦᠵᠡᠰᠭᠦᠯᠡᠩ ᠨᠡᠭᠡᠭᠡᠵᠡᠢ ᠃ ᠮᠥᠨ ᠡ‍ᠨᠡ ᠤᠷᠠᠨ ᠪᠦᠲᠦᠭᠡᠯᠴᠢᠳ  ᠦᠨ ᠪᠤᠶᠠᠨ ᠵᠢᠨᠷ ᠬᠤᠲᠠ  ᠳᠦ︽ᠭᠠᠷᠠᠭᠰ︾ᠮᠦᠽᠧᠢ ᠨᠡᠭᠡᠭᠡᠭᠳᠡᠵᠡᠢ ᠃

ᠰᠡᠳᠬᠢᠭᠳᠡᠯ ᠦᠯᠡᠳᠡᠭᠡᠬᠦ