ᠣᠩᠭᠤᠴᠠᠨ ᠳᠦ ᠡ‍ᠬᠡ ᠪᠠᠷᠢᠭᠴᠢᠳ ᠊ᠢ ᠦᠨ᠎ᠡ ᠦᠭᠡᠢ ᠨᠢᠰᠬᠦ ᠡ‍ᠷᠬᠡ ᠪᠡᠷ ᠱᠠᠩᠨᠠᠯ᠎ᠠ | News.MN

ᠣᠩᠭᠤᠴᠠᠨ ᠳᠦ ᠡ‍ᠬᠡ ᠪᠠᠷᠢᠭᠴᠢᠳ ᠊ᠢ ᠦᠨ᠎ᠡ ᠦᠭᠡᠢ ᠨᠢᠰᠬᠦ ᠡ‍ᠷᠬᠡ ᠪᠡᠷ ᠱᠠᠩᠨᠠᠯ᠎ᠠ

ᠮᠤᠩᠭᠤᠯ  ᠤᠨ ᠢᠷᠭᠡᠨ ᠪ ᠠᠭᠠᠷ ᠤᠨ ᠲᠡᠭᠡᠭᠡᠪᠦᠷᠢ ᠺᠣᠮᠫᠠᠨᠢ ᠵᠢᠨ  ᠪᠤᠶ᠋ᠢᠨ 767 – 300 ᠠᠭᠠᠷ  ᠤᠨ ᠬᠥᠯᠦᠭ ᠲᠦ ᠳᠤᠯᠤᠳᠤᠭᠠᠷ ᠰᠠᠷ᠎ᠠ ᠵᠢᠨ 9 ᠪ ᠡ‍ᠳᠦᠷ ᠤᠨ ᠢᠰᠲ᠋ᠠᠨᠪᠦᠯ – ᠤᠯᠠᠭᠠᠨᠪᠠᠭᠠᠲᠤᠷ ᠴᠢᠭᠯᠡᠯ  ᠤᠨ ᠨᠢᠰᠦᠯᠭᠡ ᠵᠢᠨ ᠦᠶ᠎ᠡ ᠪᠡᠷ ᠬᠤᠶᠠᠷ ᠢᠬᠡᠷ᠎ᠡ ᠥᠬᠢᠨ ᠮᠡᠨᠳᠦᠯᠡᠭᠰᠡᠨ ᠪᠠᠶᠠᠷᠲᠤ ᠦᠢᠯᠡ ᠶᠠᠪᠤᠳᠠᠯ ᠪᠣᠯᠤᠭᠰᠠᠨ ᠪᠢᠯᠡ ᠃

ᠡ‍ᠨᠡ ᠦᠶ᠎ᠡ ᠪᠡᠷ ᠮᠡᠷᠭᠡᠵᠢᠯ ᠤᠨ ᠤᠷ᠎ᠠ ᠴᠢᠳᠠᠪᠤᠷᠢ ᠭᠠᠷᠭᠠᠨ ᠂ ᠡ‍ᠮᠨᠡᠯᠭᠡ ᠵᠢᠨ ᠲᠤᠰᠠᠯᠠᠮᠵᠢ ᠦᠢᠯᠡᠴᠢᠯᠡᠭᠡ ᠵᠢ ᠶᠠᠭᠠᠷᠠᠯᠲᠠᠢ ᠦᠵᠡᠭᠦᠯᠵᠦ ᠂ ᠡ‍ᠬᠡ ᠂ ᠬᠡᠦᠬᠡᠳ  ᠊ᠢ ᠡ‍ᠰᠡᠨ ᠮᠡᠨᠳᠦ ᠠᠮᠤᠷᠵᠢᠭᠤᠯᠤᠭᠰᠠᠨ ᠡ‍ᠬᠡ ᠬᠡᠦᠬᠡᠳ  ᠤᠨ ᠡ‍ᠷᠡᠭᠦᠯ ᠮᠡᠨᠳᠦ ᠵᠢᠨ ᠦᠨᠳᠦᠰᠦᠨ ᠪ ᠲᠥᠪ ᠤᠨ ᠰᠡᠬᠡᠭᠡᠨ ᠠᠮᠢᠳᠤᠷᠠᠭᠤᠯᠬᠤ ᠡ‍ᠷᠴᠢᠮᠲᠦ ᠡ‍ᠮᠴᠢᠯᠡᠭᠡᠨ ᠪ ᠲᠠᠰᠤᠭ  ᠤᠨ ᠰᠤᠪᠢᠯᠠᠭᠴᠢ ᠠ᠊ · ᠪᠤᠶᠠᠨᠵᠢᠷᠭᠠᠯ ᠂ ᠪᠠᠭ᠎ᠠ ᠬᠠᠩᠭᠠᠢ ᠲᠡᠭᠦᠷᠭᠡ ᠵᠢᠨ ᠠᠬᠠᠮᠠᠳ  ᠤᠨ ᠰᠤᠪᠢᠯᠠᠯ  ᠤᠨ ᠡ‍ᠮᠴᠢ ᠳ᠋᠊·ᠮᠥᠩᠬᠡᠰᠠᠷᠠᠭᠤᠯ ᠂ ᠤᠯᠤᠰ ᠤᠨ ᠬᠤᠶᠠᠳᠤᠭᠠᠷ ᠡ‍ᠮᠨᠡᠯᠭᠡ ᠵᠢᠨ ᠬᠡᠦᠬᠡᠳ ᠤᠨ ᠡ‍ᠮᠴᠢ ᠳ᠋᠊ · ᠣᠳᠬᠤᠨᠴᠢᠮᠡᠭ ᠂ ᠮᠦᠨ ᠪᠤᠰᠤᠳ ᠡᠮᠨᠡᠯᠭᠡ ᠶᠢᠨ ᠬᠡᠦᠬᠡᠳ ᠤᠨ ᠡ‍ᠮᠴᠢ ᠫ᠊ · ᠱᠤᠭᠠᠷᠠᠮ᠎ᠠ ᠂ ᠪ᠊ · ᠪᠠᠲᠤᠰᠦ᠋ᠬᠡ ᠂ ᠡ‍ᠬᠡ ᠪᠠᠷᠢᠭᠴᠢ ᠶᠤ᠊ · ᠳᠠᠸᠠ ᠨᠠᠷ ᠲᠤ ᠮᠤᠩᠭᠤᠯ ᠤᠨ ᠢᠷᠭᠡᠨ ᠪ ᠠᠭᠠᠷ ᠤᠨ ᠲᠡᠭᠡᠭᠡᠪᠦᠷᠢ ᠺᠣᠮᠫᠠᠨᠢ ᠲᠠᠯᠠᠷᠬᠠᠯ ᠢᠯᠡᠷᠬᠡᠢᠢᠯᠡᠵᠦ ᠂ ᠲᠡᠭᠷᠢ ᠳ᠋ᠦ ᠮᠡᠨᠳᠦᠯᠡᠭᠰᠡᠨ ᠢᠬᠡᠷ᠎ᠡ ᠥᠬᠢᠳ ᠊ᠢ ᠡ‍ᠬᠡ ᠪᠠᠷᠢᠭᠰᠠᠨ ᠡ‍ᠮᠴᠢ ᠨᠠᠷ ᠲᠤ ᠨᠢᠭᠡ ᠤᠳᠠᠭ᠎ᠠ ᠦᠨ᠎ᠡ ᠦᠭᠡᠢ ᠵᠤᠷᠴᠢᠬᠤ ᠡ‍ᠷᠬᠡ ᠵᠢᠨ ᠪᠢᠴᠢᠭ ᠪᠣᠯᠤᠨ ᠪᠡᠯᠡᠭ ᠳᠤᠷᠠᠰᠬᠠᠯ ᠤᠨ ᠵᠦᠢᠯᠡᠰ ᠭᠠᠷᠳᠠᠭᠤᠯᠵᠤ ᠂ ᠲᠠᠯᠠᠷᠬᠠᠯ ᠢᠯᠡᠷᠬᠡᠢᠢᠯᠡᠵᠡᠢ ᠃

ᠰᠡᠳᠬᠢᠭᠳᠡᠯ ᠦᠯᠡᠳᠡᠭᠡᠬᠦ