ᠬᠡᠢ ᠵᠢᠨ ᠬᠤᠭᠤᠯᠠᠢ ᠪᠠᠷᠢᠬᠤ ᠲᠧᠭᠨᠢᠭ᠂ ᠡ‍ᠳ᠋  ᠤᠨ ᠵᠠᠰᠠᠭ ᠤᠨ ᠦᠨᠳᠦᠰᠦᠯᠡᠯ ᠊ᠢ ᠪᠤᠯᠪᠠᠰᠤᠷᠠᠭᠤᠯᠤᠨ᠎ᠠ | News.MN

ᠬᠡᠢ ᠵᠢᠨ ᠬᠤᠭᠤᠯᠠᠢ ᠪᠠᠷᠢᠬᠤ ᠲᠧᠭᠨᠢᠭ᠂ ᠡ‍ᠳ᠋  ᠤᠨ ᠵᠠᠰᠠᠭ ᠤᠨ ᠦᠨᠳᠦᠰᠦᠯᠡᠯ ᠊ᠢ ᠪᠤᠯᠪᠠᠰᠤᠷᠠᠭᠤᠯᠤᠨ᠎ᠠ

ᠣᠷᠤᠰ ᠡᠴᠠ ᠬᠢᠲᠠᠳ ᠤᠷᠤᠭᠤ ᠮᠤᠩᠭᠤᠯ ᠵᠢᠨᠷ ᠳᠠᠮᠵᠢᠭᠤᠯᠤᠨ ᠪᠠᠢᠢᠭᠠᠯᠢ ᠵᠢᠨ ᠬᠡᠢ ᠵᠢᠨ ᠬᠤᠭᠤᠯᠠᠢ ᠪᠠᠷᠢᠬᠤ ᠲᠥᠰᠦᠯ ᠊ᠢ ᠬᠡᠷᠡᠭᠵᠢᠭᠦᠯᠬᠦ ᠬᠦᠷᠢᠶᠡᠨ ᠳ᠋ᠦ ᠲᠥᠰᠦᠯ ᠤᠨ ᠲᠧᠭᠨᠢᠭ ᠂ ᠡ‍ᠳ᠋ ᠤᠨ ᠵᠠᠰᠠᠭ  ᠤᠨ ᠦᠨᠳᠦᠰᠦᠯᠡᠯ ᠪᠣᠯᠪᠠᠰᠤᠷᠠᠭᠤᠯᠬᠤ ᠮᠤᠩᠭᠤᠯ᠂ ᠣᠷᠤᠰ ᠤᠨ ᠬᠠᠮᠲᠤᠷᠠᠭᠰᠠᠨ ᠲᠤᠰᠬᠠᠢ ᠵᠤᠷᠢᠭᠤᠯᠤᠯᠲᠠ ᠵᠢᠨ ᠺᠣᠮᠫᠠᠨᠢ ᠵᠢ ᠪᠠᠢᠢᠭᠤᠯᠬᠤ ᠪᠠᠷᠢᠮᠲᠠ ᠪᠢᠴᠢᠭ ᠊ᠢ ᠦᠵᠦᠭᠯᠡᠪᠡ ᠃ ᠪᠠᠷᠢᠮᠲᠠ ᠪᠢᠴᠢᠭ ᠲᠦ ᠮᠤᠩᠭᠤᠯ ᠤᠯᠤᠰ ᠤᠨ ᠵᠠᠰᠠᠭ ᠤᠨ ᠭᠠᠵᠠᠷ ᠊ᠢ ᠲᠥᠯᠦᠭᠡᠯᠡᠵᠦ᠂ ᠮᠤᠩᠭᠤᠯ ᠤᠯᠤᠰ ᠦᠨ ᠰᠢᠳᠠᠷ ᠰᠠᠢᠢᠳ ᠶᠠ᠊ · ᠰᠤᠳᠤᠪᠠᠭᠠᠲᠤᠷ ᠂ ᠣᠷᠤᠰ ᠤᠨ ᠵᠠᠰᠠᠭ ᠤᠨ ᠭᠠᠵᠠᠷ ᠊ᠢ ᠲᠥᠯᠦᠭᠡᠯᠡᠵᠦ  ︽  ᠭᠠᠽᠫᠷᠤᠮ︾ᠨᠡᠢᠢᠭᠡᠮᠯᠢᠭ  ᠤᠨ ᠤᠳᠤᠷᠢᠳᠬᠤ ᠵᠥᠪᠯᠡᠯ  ᠤᠨ ᠳᠠᠷᠤᠭ᠎ᠠ ᠠ᠊ · ᠪ᠊·ᠮᠢᠯᠯᠸᠷ 08.25 ᠳᠤ ᠭᠠᠷ  ᠤᠨ ᠦᠰᠦᠭ ᠵᠢᠷᠤᠯ᠎ᠠ ᠃ ᠢᠩᠭᠢᠭᠰᠡᠨ ᠵᠢᠨᠷ ᠣᠷᠤᠰ ᠡᠴᠠ ᠬᠢᠲᠠᠳ ᠲᠤ ᠵᠢᠯ ᠳ᠋ᠦ ᠪᠡᠨ 50 ᠲᠡᠷᠪᠤᠮ ᠺᠦᠪ ᠮᠧᠲ᠋ᠷ ᠪᠠᠢᠢᠭᠠᠯᠢ ᠵᠢᠨ ᠬᠡᠢ ᠳᠠᠮᠵᠢᠭᠤᠯᠬᠤ ︽ᠰᠢᠪᠧᠷᠢᠶ᠎ᠠ ᠵᠢᠨ ᠬᠦᠴᠦ – 2︾ᠬᠡᠢ ᠶᠢᠨ ᠬᠤᠭᠤᠯᠠᠢ ᠮᠤᠩᠭᠤᠯ ᠤᠨ ᠨᠤᠲᠤᠭ  ᠲᠦ ᠪᠠᠷᠢᠭᠳᠠᠬᠤ ᠲᠥᠰᠦᠯ ᠤᠨ ᠠᠵᠢᠯ ᠪᠣᠳᠠᠲᠤ ᠪᠡᠶᠡᠯᠡᠯ ᠵᠢᠨᠨ ᠣᠯᠬᠤ ᠳᠤ ᠨᠢᠭᠡ ᠱᠠᠲᠤ ᠠᠬᠢᠯ᠎ᠠ ᠬᠡᠮᠡᠨ ᠬᠤᠷᠠᠯᠳᠤᠭᠠᠨ ᠳᠤ  ᠬᠤᠶᠠᠷ ᠲᠠᠯ᠎ᠠ  ᠣᠨᠴᠠᠯᠠᠨ ᠲᠡᠮᠳᠡᠭᠯᠡᠵᠦ ᠂ ᠬᠠᠷᠢᠯᠴᠠᠨ ᠪᠠᠶᠠᠷ ᠬᠦᠷᠭᠡᠯ᠎ᠡ ᠃

ᠬᠤᠷᠠᠯ ᠵᠢᠨᠷ ᠬᠤᠶᠠᠷ ᠲᠠᠯ᠎ᠠ ᠵᠢᠨ ᠬᠠᠮᠲᠤᠷᠠᠭᠰᠠᠨ ᠲᠥᠯᠦᠪᠯᠡᠭᠡᠨ ᠪ ᠪᠡᠶᠡᠯᠡᠯᠲᠡ ᠵᠢ ᠳ᠋ᠦᠩᠨᠡᠨ ᠬᠡᠯᠡᠯᠴᠡᠵᠦ ᠂ ᠴᠠᠭᠠᠰᠢᠳᠠ ᠠᠪᠬᠤ ᠠᠷᠭ᠎ᠠ ᠬᠡᠮᠵᠢᠶ᠎ᠡ ᠂ ᠦᠢᠯᠡ ᠠᠵᠢᠯᠯᠠᠭᠠᠨ ᠪ ᠴᠢᠭᠯᠡᠯ ᠊ᠢ ᠲᠤᠬᠢᠷᠠᠯᠴᠠᠯ᠎ᠠ ᠃ ᠮᠥᠨ ᠢᠷᠡᠬᠦ ᠳᠤᠯᠤᠭ᠎ᠠ ᠬᠤᠨᠤᠭ  ᠲᠤ︽ᠭᠠᠽᠫᠷᠤᠮ︾ᠪᠣᠯᠤᠨ ︽ᠡ‍ᠷᠳᠡᠨᠢᠰ ᠮᠤᠩᠭᠤᠯ︾ᠺᠣᠮᠫᠠᠨᠢ ᠬᠤᠭᠤᠷᠤᠨᠳᠤ ᠨᠢᠭᠤᠴᠠᠯᠠᠯ ᠦ᠋ᠨ ᠭᠡᠷ᠎ᠡ ᠵᠢ ᠪᠠᠢᠢᠭᠤᠯᠬᠤ ᠪᠡᠷ ᠪᠣᠯᠪᠠ ᠃

 

ᠰᠡᠳᠬᠢᠭᠳᠡᠯ ᠦᠯᠡᠳᠡᠭᠡᠬᠦ