ᠨᠠᠮ  ᠤᠳ ᠣᠷᠤᠨ ᠨᠤᠲᠤᠭ ᠤᠨ ᠰᠤᠩᠭᠤᠭᠤᠯᠢ ᠳᠤ ᠣᠷᠤᠯᠴᠠᠬᠤ ᠬᠦᠰᠡᠯᠲᠡ ᠪᠡᠨ ᠥᠭᠭᠦᠯ᠎ᠡ | News.MN

ᠨᠠᠮ  ᠤᠳ ᠣᠷᠤᠨ ᠨᠤᠲᠤᠭ ᠤᠨ ᠰᠤᠩᠭᠤᠭᠤᠯᠢ ᠳᠤ ᠣᠷᠤᠯᠴᠠᠬᠤ ᠬᠦᠰᠡᠯᠲᠡ ᠪᠡᠨ ᠥᠭᠭᠦᠯ᠎ᠡ

ᠢᠷᠡᠬᠦ ᠠᠷᠪᠠᠳᠤᠭᠠᠷ ᠰᠠᠷ᠎ᠠ ᠳᠤ ᠣᠷᠤᠨ ᠨᠤᠲᠤᠭ  ᠤᠨ ᠰᠤᠩᠭᠤᠭᠤᠯᠢ ᠤᠯᠤᠰ ᠣᠷᠤᠨ ᠳᠠᠶᠠᠭᠠᠷ ᠵᠤᠬᠢᠶᠠᠨ ᠪᠠᠢᠢᠭᠤᠯᠤᠭᠳᠠᠬᠤ ᠪᠠᠷ ᠲᠤᠪᠯᠠᠭᠳᠠᠭᠰᠠᠨ ᠃ ᠠᠢᠢᠮᠠᠭ ᠂ ᠨᠡᠢᠢᠰᠯᠡᠯ ᠂ ᠰᠤᠮᠤ ᠂ ᠲᠡᠭᠦᠷᠭᠡ ᠵᠢᠨ ᠢᠷᠭᠡᠳ ᠤᠨ ᠲᠥᠯᠦᠭᠡᠯᠡᠭᠴᠢᠳ ᠤᠨ ᠬᠤᠷᠠᠯ ᠤᠨ ᠰᠤᠩᠭᠤᠭᠤᠯᠢ ᠵᠢᠨ ᠲᠤᠬᠠᠢ ᠬᠠᠤᠯᠢ ᠵᠢᠨ ᠳᠠᠭᠠᠤ ᠥᠨᠦᠳᠦᠷ ᠨᠠᠮ ᠤᠳ ᠰᠤᠩᠭᠤᠭᠤᠯᠢ ᠳᠤ ᠣᠷᠤᠯᠴᠠᠬᠤ ᠬᠦᠰᠡᠯᠲᠡ ᠪᠡᠨ ᠠᠯᠪᠠᠨ ᠶᠤᠰᠣ ᠪᠡᠷ ᠬᠦᠷᠭᠡᠭᠦᠯᠵᠦ ᠪᠠᠢᠢᠨ᠎ᠠ ᠃

ᠲᠤᠬᠠᠢᠢᠯᠠᠪᠠᠯ ᠨᠡᠢᠢᠰᠯᠡᠯ  ᠤᠨ ᠮᠤᠩᠭᠤᠯ ᠠᠷᠠᠳ ᠤᠨ ᠨᠠᠮ ᠤᠨ ᠬᠤᠷᠢᠶᠠᠨ ᠪ ᠳᠠᠷᠤᠭ᠎ᠠ ᠳ᠋᠊·ᠰᠤᠮᠢᠶᠠᠪᠠᠽᠠᠷ ᠂ ᠨᠡᠢᠢᠰᠯᠡᠯ  ᠤᠨ ᠢᠷᠭᠡᠳ  ᠤᠨ ᠲᠥᠯᠦᠭᠡᠯᠡᠭᠴᠢᠳ ᠤᠨ ᠬᠤᠷᠠᠯ ᠤᠨ ᠳᠠᠷᠤᠭ᠎ᠠ ᠷ᠊·ᠳᠠᠭᠪᠠ᠂ ᠨᠡᠢᠢᠰᠯᠡᠯ  ᠤᠨ ᠵᠠᠰᠠᠭ ᠳᠠᠷᠤᠭ᠎ᠠ ᠵᠢᠨ ᠡ‍ᠭᠦᠷᠭᠡ ᠭᠦᠢᠴᠡᠳᠬᠡᠭᠴᠢ ᠵ᠊ · ᠪᠠᠲᠤᠪᠠᠶᠠᠰᠬᠤᠯᠠᠩ ᠪᠣᠯᠤᠨ ᠨᠡᠢᠢᠰᠯᠡᠯ  ᠤᠨ ᠠᠷᠠᠳᠴᠢᠯᠠᠭᠰᠠᠨ ᠨᠠᠮ  ᠤᠨ ᠬᠤᠷᠢᠶᠠᠨ ᠪ ᠳᠠᠷᠤᠭ᠎ᠠ ᠳ᠋᠊ · ᠫᠦᠷᠪᠦᠳᠠᠭᠪᠠ ᠂ ᠨᠡᠢᠢᠰᠯᠡᠯ  ᠤᠨ ᠢᠷᠭᠡᠳ  ᠤᠨ ᠲᠥᠯᠦᠭᠡᠯᠡᠭᠴᠢᠳ  ᠤᠨ ᠬᠤᠷᠠᠯ ᠳ᠋ᠡᠬᠢ ᠠᠷᠠᠳᠴᠢᠯᠠᠭᠰᠠᠨ ᠨᠠᠮ  ᠤᠨ ᠪᠦᠯᠦᠭ  ᠤᠨ ᠳᠠᠷᠤᠭ᠎ᠠ ᠮ᠊·ᠲᠤᠯᠭᠠᠲᠤ ᠨᠠᠷ ᠥᠴᠦᠭᠡᠳᠦᠷ ᠨᠡᠢᠢᠰᠯᠡᠯ  ᠤᠨ ᠰᠤᠩᠭᠤᠭᠤᠯᠢ ᠵᠢᠨ ᠬᠤᠷᠢᠶᠠᠨ ᠳᠤ ᠰᠤᠩᠭᠤᠭᠤᠯᠢ ᠳᠤ ᠣᠷᠤᠯᠴᠠᠬᠤ ᠬᠦᠰᠡᠯᠲᠡ ᠪᠡᠨ ᠢᠯᠡᠷᠬᠡᠢᠢᠯᠡᠯ᠎ᠡ ᠃

ᠰᠡᠳᠬᠢᠭᠳᠡᠯ ᠦᠯᠡᠳᠡᠭᠡᠬᠦ