︽ᠵᠠᠬᠢᠶᠠᠰᠤ︾ᠺᠢᠨᠣ᠋ ᠨᠡᠭᠡᠭᠡᠯᠲᠡ ᠪᠡᠨ ᠬᠢᠨ᠎ᠡ | News.MN

︽ᠵᠠᠬᠢᠶᠠᠰᠤ︾ᠺᠢᠨᠣ᠋ ᠨᠡᠭᠡᠭᠡᠯᠲᠡ ᠪᠡᠨ ᠬᠢᠨ᠎ᠡ

ᠡ‍ᠮᠦᠨᠡᠭᠤᠪᠢ ᠠᠢᠢᠮᠠᠭ ᠲᠤ ᠵᠢᠷᠤᠭ ᠠᠪᠤᠯᠲᠠ ᠪᠠᠨ ᠬᠢᠭᠰᠡᠨ ︽ᠵᠠᠬᠢᠶᠠᠰᠤ︾ᠨᠡᠷ᠎ᠡ ᠲᠠᠢ ᠺᠢᠨᠣ᠋ ᠨᠡᠭᠡᠭᠡᠯᠲᠡ ᠪᠡᠨ ᠬᠢᠬᠦ ᠭᠡᠵᠦ ᠪᠠᠢᠢᠨ᠎ᠠ ᠃ ᠲᠤᠰ ᠠᠢᠢᠮᠠᠭ ᠤᠨ ᠬᠢᠯᠢ ᠵᠢᠨ ᠴᠡᠷᠢᠭ ᠤᠨ 0131  ᠳ᠋ᠦ᠋ᠭᠡᠷ ᠠᠩᠭᠢ ᠵᠢᠨ ᠵᠠᠬᠢᠷᠤᠭᠴᠢ ᠵᠢᠨ ᠣᠷᠤᠯᠠᠭᠴᠢ ᠂ ᠠᠯᠪᠠᠨ ᠪ ᠳᠠᠷᠤᠭ᠎ᠠ ᠂ ᠬᠡᠪᠯᠡᠯ ᠦᠨ ᠲᠥᠯᠦᠭᠡᠯᠡᠭᠴᠢ᠂ ᠠᠬᠠᠮᠠᠳ  ᠤᠳᠤᠰᠦ᠋ᠷᠤᠩ ᠤᠨ ᠡᠷᠳᠡᠨᠢᠰᠦ᠋ᠬᠡ ᠶᠢᠨ ᠰᠠᠨᠠᠭᠠᠴᠢᠯᠠᠭᠰᠠᠨ ᠤᠭ ᠺᠢᠨᠣ᠋ ᠵᠢ ᠱ᠊·ᠮᠥᠩᠬᠡᠪᠠᠶᠠᠷ ᠨᠠᠢᠢᠷᠠᠭᠤᠯᠵᠠᠢ ᠃ ᠺᠢᠨᠣ᠋ ᠳ᠋ᠤ ᠬᠤᠭᠤᠴᠠᠭᠠᠲᠤ ᠴᠡᠷᠢᠭ  ᠤᠨ ᠠᠯᠪᠠᠨ ᠬᠠᠭᠠᠭᠴᠢᠳ  ᠤᠨ ᠪᠠᠶᠠᠷ ᠬᠥᠷ ᠲᠠᠢ ᠂ ᠭᠤᠨᠢᠭ ᠬᠠᠷᠠᠭᠤᠰᠤᠯ ᠲᠠᠢ ᠂ ᠪᠠᠭᠠᠲᠤᠷᠯᠢᠭ ᠦᠢᠯᠡᠰ ᠂ ᠬᠠᠢᠢᠷ᠎ᠠ ᠳᠤᠷᠠᠯᠠᠯ  ᠤᠨ ᠲᠡᠦᠬᠡ ᠵᠢ ᠥᠭᠦᠯᠡᠭᠰᠡᠨ ᠪᠠᠢᠢᠨ᠎ᠠ᠃ ᠡ‍ᠨᠡ ᠬᠦ ᠤᠷᠠᠨ ᠪᠦᠲᠦᠭᠡᠯ  ᠤᠨ ᠵᠤᠷᠢᠯᠭ᠎ᠠ ᠨᠢ ᠬᠢᠯᠢ ᠵᠢᠨ ᠴᠡᠷᠢᠭ  ᠤᠨ ᠬᠤᠭᠤᠴᠠᠭᠠᠲᠤ ᠠᠯᠪᠠ ᠵᠢ ᠣᠯᠠᠨ ᠳᠤ ᠲᠠᠨᠢᠭᠤᠯᠬᠤ ᠂ ᠵᠠᠯᠠᠭᠤᠰ  ᠲᠤ ᠡ‍ᠬᠡ ᠣᠷᠤᠨᠴᠢ ᠦᠢᠯᠡᠰ ᠊ᠢ ᠲᠦᠭᠡᠭᠡᠨ ᠳᠡᠯᠭᠡᠷᠡᠭᠦᠯᠬᠦ ᠳ᠋ᠦ ᠣᠷᠤᠰᠢᠵᠤ ᠪᠠᠢᠢᠭ᠎ᠠ ᠶᠤᠮ᠃

ᠰᠡᠳᠬᠢᠭᠳᠡᠯ ᠦᠯᠡᠳᠡᠭᠡᠬᠦ