ᠮᠤᠩᠭᠤᠯ ᠲᠥᠭᠥᠷᠢᠭ  ᠤᠨ︽ᠨᠠᠰᠤᠵᠢᠯᠲᠠ︾ᠳᠤᠮᠳᠠᠴᠢ ᠪᠡᠷ 3.8 ᠵᠢᠯ ᠪᠠᠢᠢᠨ᠎ᠠ | News.MN

ᠮᠤᠩᠭᠤᠯ ᠲᠥᠭᠥᠷᠢᠭ  ᠤᠨ︽ᠨᠠᠰᠤᠵᠢᠯᠲᠠ︾ᠳᠤᠮᠳᠠᠴᠢ ᠪᠡᠷ 3.8 ᠵᠢᠯ ᠪᠠᠢᠢᠨ᠎ᠠ

ᠮᠤᠩᠭᠤᠯ ᠪᠠᠩᠬᠢ ᠡ‍ᠴᠡ ᠰᠠᠨᠠᠭᠠᠴᠢᠯᠠᠨ ᠦᠨᠳᠦᠰᠦᠨ ᠪ ᠮᠥᠩᠭᠥᠨ ᠲᠡᠮᠳᠡᠭᠲᠦ – ᠲᠥᠭᠥᠷᠢᠭ  ᠤᠨ ᠵᠥᠪ ᠵᠤᠬᠢᠰᠲᠠᠢ ᠬᠡᠷᠡᠭᠯᠡᠭᠡ ᠵᠢ ᠳᠡᠯᠭᠡᠷᠡᠭᠦᠯᠬᠦ ᠂ ᠮᠥᠩᠭᠥᠨ ᠲᠡᠮᠳᠡᠭᠲᠦ ᠵᠢᠨ ᠬᠡᠷᠡᠭᠯᠡᠭᠡ ᠵᠢ ᠤᠷᠲᠤᠰᠬᠠᠬᠤ ᠵᠤᠷᠢᠯᠭ᠎ᠠ ᠪᠡᠷ ︽ᠬᠠᠯᠠᠭᠠᠰᠤᠨ ᠳᠤ ᠪᠤᠰᠤ ᠬᠡᠲᠡᠪᠴᠢᠨ ᠳ᠋ᠦ ᠂ ᠣᠪᠣᠭᠠᠨ  ᠳᠤ ᠪᠤᠰᠤ ᠬᠡᠷᠡᠭᠯᠡᠭᠡᠨ ᠳ᠋ᠦ ︾ᠠᠶᠠᠨ ᠊ᠢ ᠡ‍ᠬᠢᠯᠡᠭᠦᠯᠦᠯ᠎ᠡ ᠃ ᠰᠤᠳᠤᠯᠭᠠᠨ ᠵᠢᠨᠷ ᠂ ᠮᠤᠩᠭᠤᠯ ᠲᠥᠭᠥᠷᠢᠭ ᠦ᠋ᠨ ᠬᠡᠷᠡᠭᠯᠡᠭᠡ ᠳᠤᠮᠳᠠᠴᠢ ᠪᠡᠷ 3.8 ᠵᠢᠯ ᠪᠠᠢᠢᠭ᠎ᠠ ᠨᠢ ᠳᠡᠯᠡᠬᠡᠢ ᠵᠢᠨ ᠪᠤᠰᠤᠳ ᠤᠯᠤᠰ ᠣᠷᠤᠨ ᠪ ᠮᠥᠩᠭᠥᠨ ᠲᠡᠮᠳᠡᠭᠲᠦ ᠲᠡᠢ ᠬᠠᠷᠢᠴᠠᠭᠤᠯᠬᠤ ᠳ᠋ᠣ ᠬᠠᠩᠭᠠᠯᠲᠠ ᠦᠭᠡᠢ ᠦᠵᠡᠭᠦᠯᠦᠯᠲᠡ ᠶᠤᠮ ᠃

ᠢᠷᠭᠡᠳ ᠮᠥᠩᠭᠥᠨ ᠲᠡᠮᠳᠡᠭᠲᠦ ᠵᠢ ᠵᠥᠪ ᠵᠤᠬᠢᠰᠲᠠᠢ ᠬᠡᠷᠡᠭᠯᠡᠳᠡᠭ ᠦᠭᠡᠢ ᠂ ᠬᠡᠲᠡᠪᠴᠢ ᠠᠰᠢᠭᠯᠠᠬᠤ ᠦᠭᠡᠢ ᠪᠡᠷ ᠂ ᠬᠠᠯᠠᠭᠠᠰᠤᠨ ᠳ᠋ᠤ ᠪᠠᠨ ᠣᠯᠠᠨ ᠨᠤᠭᠤᠯᠵᠤ ᠬᠢᠳᠡᠭ ᠂ ᠲᠡᠭᠦᠨᠴᠢᠯᠡᠨ ᠪᠠᠭ᠎ᠠ ᠮᠥᠩᠭᠥᠨ ᠲᠡᠮᠳᠡᠭᠲᠦ ᠶᠢ ᠲᠥᠯᠦᠪᠦᠷᠢ ᠵᠢᠨ ᠬᠡᠷᠡᠭᠰᠡᠯ ᠭᠡᠬᠦ ᠡ‍ᠴᠡ ᠪᠡᠨ ᠢᠯᠡᠭᠦᠦ ᠲᠠᠢ ᠪᠤᠷᠬᠠᠨ ᠲᠠᠬᠢᠯ ᠂ ᠠᠭᠤᠯᠠ ᠣᠪᠣᠭᠠᠨ ᠳᠦ ᠡ‍ᠷᠭᠦᠬᠦ ᠪᠠᠢᠢᠳᠠᠯ ᠵᠢᠨᠷ ᠵᠦᠢ ᠪᠤᠰᠤ ᠪᠡᠷ ᠠᠰᠢᠭᠯᠠᠳᠠᠭ ᠵᠡᠷᠭᠡ ᠨᠢ ᠲᠥᠭᠥᠷᠢᠭ  ᠤᠨ ᠬᠡᠷᠡᠭᠯᠡᠭᠡ ᠵᠢ ᠪᠠᠭᠠᠰᠬᠠᠬᠤ ᠦᠨᠳᠦᠰᠦᠨ ᠰᠢᠯᠲᠠᠭᠠᠨ ᠪᠣᠯᠳᠠᠭ ᠪᠠᠢᠢᠨ᠎ᠠ ᠃ ᠡ‍ᠢᠢᠮᠦ ᠳ᠋ᠦ ᠦᠨᠳᠦᠰᠦᠨ ᠪ ᠮᠥᠩᠭᠥᠨ ᠲᠡᠮᠳᠡᠭᠲᠦ ᠲᠥᠭᠥᠷᠢᠭ ᠊ᠢ ᠤᠯᠤᠰ ᠦᠨᠳᠦᠰᠦᠲᠡᠨ ᠪ ᠲᠤᠰᠠᠭᠠᠷ ᠲᠤᠭᠲᠠᠨᠢᠯ  ᠤᠨ ᠪᠡᠯᠭᠡ ᠲᠡᠮᠳᠡᠭ ᠂ ᠦᠨᠡᠲᠦ ᠴᠠᠭᠠᠰᠤᠨ ᠪ ᠬᠢᠨᠢ ᠬᠤᠪᠢ ᠳᠤ ᠵᠦᠢ ᠵᠤᠬᠢᠰᠲᠠᠢ ᠠᠰᠢᠭᠯᠠᠬᠤ ᠵᠢ ᠤᠷᠢᠶᠠᠯᠠᠵᠤ ᠂ ᠣᠯᠠᠨ ᠨᠡᠢᠢᠲᠡ ᠳ᠋ᠦ ᠰᠤᠷᠲᠠᠯᠴᠢᠯᠠᠨ ᠲᠠᠨᠢᠭᠤᠯᠬᠤ ᠳ᠋ᠤ ᠤᠭ ᠠᠶᠠᠨ ᠪ ᠦᠨᠳᠦᠰᠦᠨ ᠵᠤᠷᠢᠯᠭ᠎ᠠ ᠣᠷᠤᠰᠢᠵᠤ ᠪᠠᠢᠢᠨ᠎ᠠ ᠃ ᠠᠶᠠᠨ ᠨᠠᠢᠮᠠᠳᠤᠭᠠᠷ ᠰᠠᠷ᠎ᠠ ᠵᠢᠨ 10᠎ ᠡᠴᠠ 10 ᠳ᠋ᠤᠭᠠᠷ ᠰᠠᠷ᠎ᠠ ᠵᠢᠨ 1 ᠬᠦᠷᠲᠡᠯᠡᠬᠢ ᠬᠤᠭᠤᠴᠠᠭᠠᠨ ᠳᠦ ᠤᠯᠤᠰ ᠣᠷᠤᠨ ᠳᠠᠶᠠᠭᠠᠷ ᠦᠷᠭᠦᠯᠵᠢᠯᠡᠬᠦ ᠪᠥᠭᠡᠳ ᠮᠤᠩᠭᠤᠯ ᠪᠠᠩᠬᠢ ᠵᠢᠨ ᠲᠥᠪ ᠂ ᠣᠷᠤᠨ ᠨᠤᠲᠤᠭ ᠲᠠᠬᠢ ᠰᠠᠯᠪᠤᠷᠢ ᠂ ᠬᠡᠯᠲᠡᠰ ᠂ ᠠᠷᠠᠯᠵᠢᠶᠠᠨ ᠪ ᠪᠠᠩᠬᠢ ᠨᠤᠭᠤᠳ ᠬᠠᠮᠲᠤᠷᠠᠨ ᠢᠷᠭᠡᠳ ᠲᠦ ᠮᠥᠩᠭᠥᠨ ᠲᠡᠮᠳᠡᠭᠲᠦ ᠵᠢᠨ ᠰᠤᠶᠤᠯ ᠲᠠᠢ ᠂ ᠵᠤᠬᠢᠰᠲᠠᠢ ᠬᠡᠷᠡᠭᠯᠡᠭᠡ ᠵᠢ ᠲᠥᠯᠦᠪᠰᠢᠭᠦᠯᠬᠦ ᠲᠠᠯ᠎ᠠ ᠪᠡᠷ ᠲᠤᠳᠤᠷᠬᠠᠢ ᠠᠵᠢᠯ  ᠨᠤᠭᠤᠳ ᠊ᠢ ᠬᠡᠷᠡᠭᠵᠢᠭᠦᠯᠬᠦ  ᠶᠤᠮ᠃

ᠰᠡᠳᠬᠢᠭᠳᠡᠯ ᠦᠯᠡᠳᠡᠭᠡᠬᠦ