ᠠᠽᠢᠶ᠎ᠠ ᠵᠢᠨ ᠬᠥᠭᠵᠢᠯ  ᠤᠨ ᠪᠠᠩᠬᠢ ᠲᠠᠢ ᠬᠠᠮᠲᠤᠷᠠᠨ ᠴᠢᠯᠦᠭᠡᠲᠦ ᠪᠦᠰᠡ ᠪᠠᠢᠢᠭᠤᠯᠤᠨ᠎ᠠ | News.MN

ᠠᠽᠢᠶ᠎ᠠ ᠵᠢᠨ ᠬᠥᠭᠵᠢᠯ  ᠤᠨ ᠪᠠᠩᠬᠢ ᠲᠠᠢ ᠬᠠᠮᠲᠤᠷᠠᠨ ᠴᠢᠯᠦᠭᠡᠲᠦ ᠪᠦᠰᠡ ᠪᠠᠢᠢᠭᠤᠯᠤᠨ᠎ᠠ

ᠤᠯᠤᠰ ᠤᠨ ᠶᠡᠬᠡ ᠬᠤᠷᠠᠯ ᠤᠨ ᠳᠠᠷᠤᠭ᠎ᠠ ᠭ᠊ · ᠽᠠᠨᠳᠠᠨᠰᠢᠲᠠᠷ᠎ᠠ ᠥᠴᠦᠭᠡᠳᠦᠷ ᠠᠽᠢᠶ᠎ᠠ ᠵᠢᠨ ᠬᠥᠭᠵᠢᠯ  ᠤᠨ ᠪᠠᠩᠬᠢ ᠵᠢᠨ ᠮᠤᠩᠭᠤᠯ ᠤᠯᠤᠰ ᠊ᠢ ᠬᠠᠷᠢᠭᠤᠴᠠᠭᠰᠠᠨ ᠵᠠᠬᠢᠷᠤᠯ  ᠫᠠᠸᠢᠲ ᠷᠠᠮᠠᠴᠠᠨᠳ᠋ᠷᠠᠨ ᠲᠡᠷᠢᠭᠦᠲᠡᠢ ᠲᠥᠯᠦᠭᠡᠯᠡᠭᠴᠢᠳ ᠊ᠢ ᠬᠦᠯᠢᠶᠡᠨ ᠠᠪᠴᠤ ᠠᠭᠤᠯᠵᠠᠯ᠎ᠠ ᠃ ᠭ᠊·ᠽᠠᠨᠳᠠᠨᠰᠢᠲᠠᠷ᠎ᠠ ᠨᠤᠶᠠᠨ ᠫᠠᠸᠢᠲ ᠷᠠᠮᠠᠴᠠᠨᠳ᠋ᠷᠠᠨ ᠲᠠᠢ ᠳᠠᠬᠢᠨ ᠠᠭᠤᠯᠵᠠᠭᠰᠠᠨ ᠳ᠋ᠤ ᠪᠠᠨ ᠪᠠᠶᠠᠷᠲᠠᠢ ᠪᠠᠢᠢᠭ᠎ᠠ ᠪᠠᠨ ᠢᠯᠡᠷᠬᠡᠢᠢᠯᠡᠭᠡᠳ᠂ ᠲᠠᠬᠤᠯ  ᠤᠨ ᠡ‍ᠰᠡᠷᠭᠦ ᠬᠠᠷᠢᠭᠤ ᠠᠷᠭ᠎ᠠ ᠬᠡᠮᠵᠢᠶ᠎ᠡ ᠠᠪᠬᠤ ᠂ ᠤᠷᠢᠳᠴᠢᠯᠠᠨ ᠰᠡᠷᠭᠡᠢᠢᠯᠡᠬᠦ ᠳ᠋ᠦ ᠴᠢᠬᠤᠯᠠ ᠳᠡᠮᠵᠢᠯᠭᠡ ᠦᠵᠡᠭᠦᠯᠦᠭᠰᠡᠭᠡᠷ ᠢᠷᠡᠭᠰᠡᠨ ᠳ᠋ᠦ ᠲᠠᠯᠠᠷᠬᠠᠯ ᠳᠡᠪᠰᠢᠭᠦᠯᠪᠡ ᠃

ᠲᠡᠷᠡ ᠪᠡᠷ᠄ ᠤᠯᠤᠰ  ᠦᠨ ᠶᠡᠬᠡ ᠬᠤᠷᠠᠯ  ᠤᠨ ᠡ‍ᠭᠡᠯᠵᠢᠲᠦ ᠪᠤᠰᠤ ᠴᠢᠭᠤᠯᠭᠠᠨ ᠢᠷᠡᠬᠦ ᠳᠤᠯᠤᠭ᠎ᠠ ᠬᠤᠨᠤᠭ ᠲᠤ ᠡ‍ᠬᠢᠯᠡᠵᠦ᠂ ᠵᠠᠰᠠᠭ  ᠤᠨ ᠭᠠᠵᠠᠷ  ᠤᠨ 2024 ᠣᠨ ᠬᠦᠷᠲᠡᠯᠡᠬᠢ ᠲᠥᠯᠦᠪᠯᠡᠭᠡ ᠂ ᠮᠥᠷ  ᠤᠨ ᠬᠥᠲᠦᠯᠪᠦᠷᠢ ᠵᠢ ᠬᠡᠯᠡᠯᠴᠡᠨ᠎ᠡ᠃ ᠮᠤᠩᠭᠤᠯ ᠤᠯᠤᠰ  ᠤᠨ ᠡ‍ᠳ᠋ ᠤᠨ ᠵᠠᠰᠠᠭ ᠠᠭᠤᠯᠠ ᠠᠭᠤᠷᠬᠠᠢ ᠵᠢᠨ ᠰᠠᠯᠪᠤᠷᠢ ᠡᠴᠠ ᠶᠡᠬᠡᠬᠡᠨ ᠬᠠᠮᠢᠶᠠᠷᠳᠠᠭ᠃ ᠡ‍ᠳ᠋  ᠤᠨ ᠵᠠᠰᠠᠭ ᠵᠢᠨᠨ  ᠰᠤᠯᠤᠩᠭᠠᠷᠠᠭᠤᠯᠬᠤ ᠶᠢᠨ ᠲᠤᠯᠠᠳᠠ ᠦᠢᠯᠡᠳᠪᠦᠷᠢᠯᠡᠯ  ᠤᠨ ᠰᠠᠯᠪᠤᠷᠢ ᠵᠢ ᠬᠥᠭᠵᠢᠭᠦᠯᠬᠦ ᠲᠤᠮᠤᠬᠠᠨ ᠰᠢᠨᠡᠴᠢᠯᠡᠯᠲᠡ ᠵᠢ ᠬᠢᠬᠦ ᠱᠠᠭᠠᠷᠳᠠᠯᠭ᠎ᠠ ᠪᠤᠢ ᠃ ᠥᠩᠭᠡᠷᠡᠭᠴᠢ 7 ᠳ᠋ᠤᠭᠠᠷ ᠰᠠᠷ᠎ᠠ ᠳᠤ ᠠᠽᠢᠶ᠎ᠠ ᠵᠢᠨ ᠬᠥᠭᠵᠢᠯ  ᠤᠨ ᠪᠠᠩᠬᠢ᠂ ᠮᠤᠩᠭᠤᠯ ᠤᠯᠤᠰ  ᠤᠨ ᠵᠠᠰᠠᠭ  ᠤᠨ ᠭᠠᠵᠠᠷ ᠲᠠᠢ ︽ᠡ‍ᠳ᠋  ᠤᠨ ᠵᠠᠰᠠᠭ ᠤᠨ ᠬᠠᠮᠲᠤ ᠵᠢᠨ ᠠᠵᠢᠯᠯᠠᠭᠠᠨ ᠪ ᠪᠦᠰᠡ ᠬᠥᠭᠵᠢᠭᠦᠯᠬᠦ ᠲᠥᠰᠦᠯ︾ ᠤᠨ ᠬᠡᠯᠡᠯᠴᠡᠭᠡᠷ ᠊ᠢ ᠪᠠᠢᠢᠭᠤᠯᠤᠭᠰᠠᠨ ᠃ ᠡ‍ᠨᠡ ᠲᠥᠰᠦᠯ ᠤᠨ ᠬᠦᠷᠢᠶᠡᠨ ᠳ᠋ᠦ ᠮᠤᠩᠭᠤᠯ ᠤᠯᠤᠰ  ᠤᠨ ᠡ‍ᠳ᠋  ᠤᠨ ᠵᠠᠰᠠᠭ ᠊ᠢ ᠲᠥᠷᠦᠯᠵᠢᠭᠦᠯᠬᠦ ᠂ ᠠᠵᠢᠯ  ᠤᠨ ᠪᠠᠢᠢᠷᠢ ᠵᠢ ᠨᠡᠮᠡᠭᠳᠡᠭᠦᠯᠬᠦ ᠴᠢᠯᠦᠭᠡᠲᠦ ᠪᠦᠰᠡ ᠵᠢ ᠪᠠᠢᠢᠭᠤᠯᠤᠨ᠎ᠠ ᠃ ᠮᠤᠩᠭᠤᠯ ᠂ ᠣᠷᠤᠰ ᠂ ᠬᠢᠲᠠᠳ ᠊ᠢ ᠬᠤᠯᠪᠣᠭᠰᠠᠨ ᠡ‍ᠳ᠋  ᠤᠨ ᠵᠠᠰᠠᠭ  ᠤᠨ ᠺᠣᠷᠢᠳᠤᠷ ᠊ᠢ ᠪᠤᠢ ᠪᠣᠯᠭᠠᠬᠤ ᠵᠤᠷᠢᠯᠲᠠ ᠵᠢ ᠬᠡᠷᠡᠭᠵᠢᠭᠦᠯᠬᠦ ᠳ᠋ᠦ ᠴᠢᠯᠦᠭᠡᠲᠦ ᠪᠦᠰᠡ ᠨᠦᠭᠦᠳ  ᠤᠨ ᠦᠢᠯᠡ ᠠᠵᠢᠯᠯᠠᠭ᠎ᠠ ᠵᠢ ᠳᠡᠮᠵᠢᠬᠦ ᠂ ᠳᠡᠳ᠋ ᠪᠦᠲᠦᠴᠡ ᠵᠢ ᠬᠥᠭᠵᠢᠭᠦᠯᠬᠦ ᠲᠡᠷᠡ ᠳᠤᠮᠳᠠ ᠪᠠᠨ ᠲᠡᠮᠦᠷ ᠵᠠᠮ  ᠤᠨ ᠪᠦᠲᠦᠭᠡᠨ ᠪᠠᠢᠢᠭᠤᠯᠤᠯᠲᠠ ᠵᠢ ᠡ‍ᠷᠴᠢᠮᠵᠢᠭᠦᠯᠬᠦ ᠳ᠋ᠦ ᠠᠽᠢᠶ᠎ᠠ ᠵᠢᠨ ᠬᠥᠭᠵᠢᠯ  ᠤᠨ ᠪᠠᠩᠬᠢ ᠲᠠᠢ ᠬᠠᠮᠲᠤᠷᠠᠨ ᠠᠵᠢᠯᠯᠠᠬᠤ ᠳᠤ ᠪᠡᠯᠡᠨ︾ ᠬᠡᠮᠡᠪᠡ ᠃

ᠰᠡᠳᠬᠢᠭᠳᠡᠯ ᠦᠯᠡᠳᠡᠭᠡᠬᠦ