ᠠᠮᠧᠷᠢᠺᠠ ᠵᠢᠨ ᠡ‍ᠯᠴᠢᠨ ᠰᠠᠢᠢᠳ ᠲᠠᠢ ᠠᠭᠤᠯᠵᠠᠵᠠᠢ | News.MN

ᠠᠮᠧᠷᠢᠺᠠ ᠵᠢᠨ ᠡ‍ᠯᠴᠢᠨ ᠰᠠᠢᠢᠳ ᠲᠠᠢ ᠠᠭᠤᠯᠵᠠᠵᠠᠢ

08 ᠳ᠋ᠤᠭᠠᠷ ᠰᠠᠷ᠎ᠠ ᠶᠢᠨ 10 ᠳᠦ ᠤᠯᠤᠰ  ᠤᠨ ᠶᠡᠬᠡ ᠬᠤᠷᠠᠯ  ᠤᠨ ᠳᠠᠷᠤᠭ᠎ᠠ ᠭ᠊ ·ᠽᠠᠨᠳᠠᠨᠰᠢᠲᠠᠷ᠎ᠠ ᠠᠮᠧᠷᠢᠺᠠ ᠵᠢᠨ ᠡ‍ᠯᠴᠢᠨ ᠰᠠᠢᠢᠳ ᠮ᠊· ᠺᠯᠸᠴᠸᠰᠺᠢ  ᠶᠢ ᠬᠦᠯᠢᠶᠡᠨ ᠠᠪᠴᠤ ᠠᠭᠤᠯᠵᠠᠪᠠ᠃ ᠲᠡᠷᠡ᠂ ᠠᠮᠧᠷᠢᠺᠠ ᠵᠢᠨ ᠣᠯᠠᠨ ᠤᠯᠤᠰ ᠦᠨ ᠬᠥᠭᠵᠢᠯ ᠤᠨ ᠬᠠᠮᠲᠤ ᠵᠢᠨ ᠠᠵᠢᠯᠯᠠᠭᠠᠨ ᠪ ᠠᠭ᠍ᠸᠨᠲᠯᠢᠭ︵USAID︶ᠮᠠᠨ ᠪ ᠤᠯᠤᠰ ᠲᠤ ᠠᠵᠢᠯ ᠵᠢᠨᠨ ᠰᠡᠷᠭᠦᠭᠡᠵᠦ᠂ ᠤᠯᠠᠭᠠᠨᠪᠠᠭᠠᠲᠤᠷ ᠲᠠᠬᠢ ᠡ‍ᠯᠴᠢᠨ ᠰᠠᠢᠢᠳ ᠤᠨ ᠶᠠᠮᠤᠨ ᠳᠤ ᠲᠥᠯᠦᠭᠡᠯᠡᠭᠴᠢ ᠪᠠᠨ ᠳᠠᠬᠢᠨ ᠲᠤᠮᠢᠯᠠᠭᠳᠠᠭᠰᠠᠨ ᠳ᠋ᠤ ᠪᠠᠶᠠᠷᠲᠠᠢ ᠪᠠᠢᠢᠨ᠎ᠠ ᠬᠡᠮᠡᠯ᠎ᠡ ᠃

ᠡ‍ᠯᠴᠢᠨ ᠰᠠᠢᠢᠳ ᠮ᠊· ᠺᠯᠸᠴᠸᠰᠺᠢ ᠭᠤᠷᠪᠠᠳᠠᠭᠴᠢ ᠬᠥᠷᠰᠢ ᠵᠢᠨ ᠬᠤᠪᠢ ᠳᠤ  ᠵᠡᠰ ᠬᠠᠢᠢᠯᠤᠭᠤᠯᠬᠤ ᠦᠢᠯᠡᠳᠪᠦᠷᠢ ᠪᠠᠷᠢᠬᠤ ᠂ ᠨᠤᠭᠤᠭᠠᠨ ᠬᠦᠯᠡᠮᠵᠢ ᠪᠠᠢᠢᠭᠤᠯᠬᠤ ᠵᠡᠷᠭᠡ ᠲᠤᠮᠣ ᠲᠥᠰᠦᠯ ᠳ᠋ᠦ ᠬᠠᠮᠲᠤᠷᠠᠨ ᠠᠵᠢᠯᠯᠠᠬᠤ ᠪᠠᠨ ᠢᠯᠡᠷᠬᠡᠢᠢᠯᠡᠭᠰᠡᠨ ᠶᠤᠮ᠃ ᠡ‍ᠭᠦᠨ ᠡ‍ᠴᠡ ᠭᠠᠳᠠᠨ᠎ᠠ ᠠᠮᠧᠷᠢᠺᠠ ᠵᠢᠨ ᠵᠠᠰᠠᠭ  ᠤᠨ ᠭᠠᠵᠠᠷ ᠤᠨ ᠢᠷᠭᠡᠨ ᠪ ᠨᠡᠢᠢᠭᠡᠮ᠂ ᠤᠯᠤᠰ ᠲᠥᠷᠦ ᠵᠢᠨ ᠦᠢᠯᠡ ᠶᠠᠪᠤᠴᠠ ᠳ᠋ᠡᠬᠢ ᠵᠠᠯᠠᠭᠤᠰ᠂ ᠡ‍ᠮᠡᠭᠲᠡᠢᠢᠴᠦᠳ  ᠤᠨ ᠡ‍ᠭᠦᠷᠭᠡ ᠣᠷᠤᠯᠴᠠᠭ᠎ᠠ ᠵᠢ ᠪᠡᠬᠢᠵᠢᠭᠦᠯᠬᠦ︽ᠵᠠᠯᠠᠭᠤᠴᠤᠳ᠂ ᠡ‍ᠮᠡᠭᠲᠡᠢᠢᠴᠦᠳ  ᠤᠨ ᠰᠤᠩᠭᠤᠭᠤᠯᠢ᠂ ᠤᠯᠤᠰ ᠲᠥᠷᠦ ᠵᠢᠨ ᠣᠷᠤᠯᠴᠠᠭ᠎ᠠ ᠵᠢ ᠢᠳᠡᠪᠬᠢᠵᠢᠭᠦᠯᠬᠦ ᠨᠢ︾ᠬᠥᠲᠦᠯᠪᠦᠷᠢ ᠠᠯᠪᠠᠨ ᠶᠤᠰᠣ ᠪᠡᠷ ᠬᠡᠷᠡᠭᠵᠢᠵᠦ ᠡ‍ᠬᠢᠯᠡᠭᠰᠡᠨ ᠲᠠᠯ᠎ᠠ ᠪᠡᠷ ᠳᠤᠷᠠᠳᠤᠯ᠎ᠠ ᠃

ᠰᠡᠳᠬᠢᠭᠳᠡᠯ ᠦᠯᠡᠳᠡᠭᠡᠬᠦ