ᠪᠤᠯᠠᠭᠠᠨ ᠠᠢᠢᠮᠠᠭ ᠤᠨ ᠰᠠᠢᠢᠬᠠᠨ ᠰᠤᠮᠤᠨ ᠳᠤ ᠡᠨᠡ ᠰᠠᠷ᠎ᠠ ᠵᠢᠨ 22-23 ᠳᠤ︽ᠠᠢᠢᠷᠠᠭ ᠤᠨ ᠡᠳᠦᠷᠯᠡᠭᠡ︾ᠬᠢᠬᠦ ᠪᠡᠷ ᠪᠣᠯᠵᠠᠢ ᠃ ᠲᠤᠰ ᠠᠷᠭ᠎ᠠ ᠬᠡᠮᠵᠢᠶ᠎ᠡ ᠵᠢ︽ᠠᠩᠬᠠᠳᠠᠭᠴᠢ – ᠬᠥᠭᠵᠢᠯ ᠺᠯᠦ᠋ᠫ︾ ᠦᠨ ᠣᠷᠤᠯᠴᠠᠭ᠎ᠠ ᠲᠠᠢ ᠠᠢᠢᠮᠠᠭ ᠰᠤᠮᠤ ᠵᠢᠨ ᠵᠠᠰᠠᠭ ᠳᠠᠷᠤᠭ᠎ᠠ ᠵᠢᠨ ᠲᠠᠮᠠᠭ᠎ᠠ ᠵᠢᠨ ᠭᠠᠵᠠᠷ ᠵᠤᠬᠢᠶᠠᠨ ᠪᠠᠢᠢᠭᠤᠯᠬᠤ ᠶᠤᠮ᠃ ᠣᠷᠤᠯᠴᠠᠭᠴᠢᠳ ᠠᠮᠠᠨ ᠪ ᠬᠠᠭᠠᠯᠲᠠ ᠲᠠᠢ ᠂ ᠬᠤᠭᠤᠷᠤᠨᠳᠤ ᠵᠢᠨ ᠵᠠᠢ ᠪᠠᠷᠢᠬᠤ ᠱᠠᠭᠠᠷᠳᠠᠯᠭ᠎ᠠ ᠲᠠᠢ᠃
ᠦᠨᠳᠦᠰᠦᠨ ᠪ ᠤᠮᠳᠠᠭᠠᠨ︽ᠠᠢᠢᠷᠠᠭ︾ᠪᠦᠲᠦᠭᠡᠭᠳᠡᠬᠦᠨ ᠊ᠢ ᠳᠠᠭᠠᠭᠰᠠᠨ ᠤᠯᠠᠮᠵᠢᠯᠠᠯᠲᠤ ᠰᠤᠶᠤᠯ ᠂ ᠠᠬᠤᠢ ᠶᠤᠰᠣ ᠵᠠᠩᠰᠢᠯ᠂ ᠵᠠᠩ ᠦᠢᠯᠡ ᠵᠢ ᠰᠤᠷᠲᠠᠯᠴᠢᠯᠠᠬᠤ ᠵᠤᠷᠢᠯᠭ᠎ᠠ ᠲᠠᠢ ᠡᠨᠡ ᠡᠳᠦᠷᠯᠡᠭᠡ ᠵᠢ ᠵᠤᠬᠢᠶᠠᠬᠤ ᠶᠤᠮ ᠪᠠᠢᠢᠨ᠎ᠠ ᠃ ︽ᠠᠳᠤᠭᠤᠴᠢᠨ︾᠂︽ᠳᠡᠮᠪᠡᠭᠡ ᠰᠠᠢᠢᠨ ᠦᠦ︾᠂︽ᠠᠢᠢᠷᠠᠭ ᠬᠡᠨ ᠰᠠᠢᠢᠨ ᠤᠤᠭᠤᠬᠤ ᠪᠤᠢ︾ᠵᠡᠷᠭᠡ ᠲᠡᠮᠡᠴᠡᠭᠡᠨ᠂ ᠬᠤᠤᠰ ᠮᠤᠷᠢᠲᠠᠨ᠂ ᠰᠠᠢᠢᠬᠠᠨ ᠠᠢᠢᠷᠠᠭ ᠰᠢᠯᠭᠠᠷᠠᠭᠤᠯᠬᠤ ᠤᠷᠤᠯᠳᠤᠭᠠᠨ ᠵᠤᠬᠢᠶᠠᠨ ᠪᠠᠢᠢᠭᠤᠯᠬᠤ ᠪᠡᠷ ᠲᠥᠯᠦᠪᠯᠡᠵᠡᠢ ᠃