ᠬᠢᠲᠠᠳ ᠤᠨ ᠸᠠᠺᠼᠢᠨ ᠊ᠢ ᠡ‍ᠬᠢᠨ ᠪ ᠡ‍ᠭᠡᠯᠵᠢ ᠳ᠋ᠦ ᠮᠤᠩᠭᠤᠯ ᠳᠤ ᠨᠡᠢᠯᠡᠭᠦᠯᠦᠨ᠎ᠡ | News.MN

ᠬᠢᠲᠠᠳ ᠤᠨ ᠸᠠᠺᠼᠢᠨ ᠊ᠢ ᠡ‍ᠬᠢᠨ ᠪ ᠡ‍ᠭᠡᠯᠵᠢ ᠳ᠋ᠦ ᠮᠤᠩᠭᠤᠯ ᠳᠤ ᠨᠡᠢᠯᠡᠭᠦᠯᠦᠨ᠎ᠡ

ᠮᠤᠩᠭᠤᠯ᠂ ᠬᠢᠲᠠᠳ ᠦᠨ ᠬᠢᠯᠢ ᠵᠢᠨ ᠪᠣᠭᠤᠮᠲᠠ ᠵᠢᠨ︽ᠨᠤᠭᠤᠭᠠᠨ ᠭᠠᠷᠴᠠ︾ᠲᠦᠷ ᠵᠢᠷᠤᠮ ᠤᠨ ᠬᠡᠷᠡᠭᠵᠢᠯᠲᠡ ᠵᠢ ᠡ‍ᠷᠴᠢᠮᠵᠢᠭᠦᠯᠬᠦ ᠪᠡᠷ ᠰᠠᠨᠠᠯ ᠰᠤᠯᠢᠯᠴᠠᠯ᠎ᠠ᠃ ᠰᠢᠳᠠᠷ ᠰᠠᠢᠢᠳ᠂ ᠤᠯᠤᠰ  ᠦᠨ ᠣᠨᠴᠠᠭᠠᠢ ᠺᠣᠮᠢᠰ  ᠤᠨ ᠳᠠᠷᠤᠭ᠎ᠠ ᠶᠠ᠊·ᠰᠤᠳᠤᠪᠠᠭᠠᠲᠤᠷ ᠥᠨᠦᠳᠦᠷ  ᠬᠢᠲᠠᠳ ᠡᠴᠠ ᠮᠤᠩᠭᠤᠯ ᠳᠤ ᠰᠠᠭᠤᠭ᠎ᠠ ᠡ‍ᠯᠴᠢᠨ ᠰᠠᠢᠢᠳ ᠴᠠᠢ ᠸᠸᠨ ᠷᠦᠢ ᠶᠢ ᠬᠦᠯᠢᠶᠡᠨ ᠠᠪᠴᠤ ᠠᠭᠤᠯᠵᠠᠭᠰᠠᠨ ᠪᠠᠢᠢᠨ᠎ᠠ ᠃

ᠰᠢᠳᠠᠷ ᠰᠠᠢᠢᠳ ᠬᠢᠲᠠᠳ ᠤᠨ ᠲᠠᠯ᠎ᠠ ᠳᠤ ᠨᠡᠭᠦᠷᠡᠰᠦ ᠲᠡᠭᠡᠭᠡᠪᠦᠷᠢ ᠵᠢᠨ 2000 ᠮᠠᠰᠢᠨ ᠭᠠᠷᠭᠠᠬᠤ ᠬᠦᠰᠡᠯ ᠲᠠᠢ ᠪᠠᠢᠢᠭ᠎ᠠ ᠪᠠᠨ ᠠᠭᠤᠯᠵᠠᠯᠲᠠ ᠵᠢᠨ ᠦᠶ᠎ᠡ ᠪᠡᠷ ᠢᠯᠡᠷᠬᠡᠢᠢᠯᠡᠭᠰᠡᠨ ᠪᠠᠢᠢᠨ᠎ᠠ ᠃ ᠴᠠᠢ ᠸᠸᠨ ᠷᠦᠢ ᠨᠡᠭᠦᠷᠡᠰᠦ ᠲᠡᠭᠡᠭᠡᠪᠦᠷᠢᠯᠡᠯᠲᠡ ᠵᠢ ᠨᠡᠮᠡᠭᠳᠡᠭᠦᠯᠬᠦ ᠲᠠᠯ᠎ᠠ ᠳᠡᠭᠡᠷ᠎ᠡ ᠠᠩᠬᠠᠷᠴᠤ ᠠᠵᠢᠯᠯᠠᠬᠤ ᠪᠠᠨ ᠮᠡᠳᠡᠭᠳᠡᠵᠦ᠂ ᠮᠥᠨ 100 ᠮᠢᠩᠭᠠᠨ ᠰᠢᠷᠬᠡᠭ  M95 ᠠᠮᠠᠨ ᠪ ᠬᠠᠭᠠᠯᠲᠠ ᠨᠡᠢᠢᠯᠡᠭᠦᠯᠬᠦ ᠪᠣᠯᠤᠭᠰᠠᠨ ᠵᠢᠨᠨ ᠬᠡᠯᠡᠵᠡᠢ ᠃ ᠲᠡᠭᠦᠨᠴᠢᠯᠡᠨ ᠳᠡᠯᠡᠬᠡᠢ ᠵᠢᠨ ᠡ‍ᠷᠡᠭᠦᠯ ᠮᠡᠨᠳᠦ ᠵᠢᠨ ᠪᠠᠢᠢᠭᠤᠯᠭ᠎ᠠ ᠡᠴᠠ ᠬᠢᠲᠠᠳ ᠦᠨ ᠭᠠᠷᠭᠠᠭᠰᠠᠨ ᠸᠠᠺᠼᠢᠨ ᠊ᠢ ᠪᠠᠲᠤᠯᠠᠭᠠᠵᠢᠭᠤᠯᠪᠠᠯ ᠡ‍ᠬᠢᠨ ᠪ ᠡ‍ᠭᠡᠯᠵᠢ ᠳ᠋ᠦ ᠮᠤᠩᠭᠤᠯ ᠳᠦ ᠨᠡᠢᠢᠯᠡᠭᠦᠯᠬᠦ ᠪᠡᠨ ᠢᠯᠡᠷᠬᠡᠢᠢᠯᠡᠭᠰᠡᠨ ᠲᠠᠯ᠎ᠠ ᠪᠡᠷ ᠰᠢᠳᠠᠷ ᠰᠠᠢᠢᠳ ᠤᠨ ᠬᠡᠪᠯᠡᠯ ᠤᠨ ᠠᠯᠪᠠ ᠮᠡᠳᠡᠭᠡᠯᠡᠯ᠎ᠡ ᠃

ᠰᠡᠳᠬᠢᠭᠳᠡᠯ ᠦᠯᠡᠳᠡᠭᠡᠬᠦ