ᠶᠠ᠊·ᠰᠤᠳᠤᠪᠠᠭᠠᠲᠤᠷ ᠠᠽᠢᠶ᠎ᠠ ᠵᠢᠨ ᠬᠥᠭᠵᠢᠯ ᠦᠨ ᠪᠠᠩᠬᠢ ᠵᠢᠨ ᠬᠢᠨ ᠲᠠᠢ ᠠᠭᠤᠯᠵᠠᠯ᠎ᠠ | News.MN

ᠶᠠ᠊·ᠰᠤᠳᠤᠪᠠᠭᠠᠲᠤᠷ ᠠᠽᠢᠶ᠎ᠠ ᠵᠢᠨ ᠬᠥᠭᠵᠢᠯ ᠦᠨ ᠪᠠᠩᠬᠢ ᠵᠢᠨ ᠬᠢᠨ ᠲᠠᠢ ᠠᠭᠤᠯᠵᠠᠯ᠎ᠠ

ᠮᠤᠩᠭᠤᠯ ᠤᠯᠤᠰ ᠤᠨ ᠰᠢᠳᠠᠷ ᠰᠠᠢᠢᠳ ᠶᠠ᠊·ᠰᠤᠳᠤᠪᠠᠭᠠᠲᠤᠷ ᠠᠽᠢᠶ᠎ᠠ ᠵᠢᠨ ᠬᠥᠭᠵᠢᠯ ᠤᠨ ᠪᠠᠩᠬᠢ ᠵᠢᠨ ᠤᠳᠤᠷᠢᠳᠤᠯᠭ᠎ᠠ ᠨᠠᠷ ᠊ᠢ ᠬᠦᠯᠢᠶᠡᠨ ᠠᠪᠴᠤ ᠠᠭᠤᠯᠵᠠᠯ᠎ᠠ᠃ ᠡᠨᠡ ᠦᠶ᠎ᠡ ᠪᠡᠷ ᠲᠤᠰ ᠪᠠᠩᠭᠢ ᠶᠢᠨ ᠬᠢᠨ ᠬᠢᠵᠤ ᠬᠡᠷᠡᠭᠵᠢᠭᠦᠯᠵᠦ ᠪᠤᠢ ᠠᠵᠢᠯ ᠢᠶᠠᠨ ᠲᠠᠨᠢᠯᠴᠠᠭᠤᠯᠤᠯ᠎ᠠ᠃ ᠠᠽᠢᠶ᠎ᠠ ᠵᠢᠨ ᠬᠥᠭᠵᠢᠯ ᠤᠨ ᠪᠠᠩᠬᠢ ᠨᠢ ᠺᠣᠷᠤᠨᠠ ᠸᠢᠷᠦ᠋ᠰ ᠡ‍ᠴᠡ ᠤᠷᠢᠳᠴᠢᠯᠠᠨ ᠰᠡᠷᠭᠡᠢᠢᠯᠡᠬᠦ ᠳ᠋ᠦ ᠡ‍ᠷᠡᠭᠦᠯ ᠮᠡᠨᠳᠦ ᠵᠢᠨ ᠪᠠᠢᠢᠭᠤᠯᠭ᠎ᠠ ᠨᠤᠭᠤᠳ ᠤᠨ ᠲᠤᠨᠤᠭ ᠲᠥᠬᠥᠭᠡᠷᠦᠮᠵᠢ ᠵᠢ ᠰᠢᠨᠡᠴᠢᠯᠡᠬᠦ ᠴᠢᠭᠯᠡᠯ ᠳ᠋ᠦ  ᠰᠠᠩᠬᠦᠦ ᠪᠡᠷ ᠳᠡᠮᠵᠢᠭᠰᠡᠨ ᠪᠠᠢᠢᠨ᠎ᠠ᠃ ᠮᠥᠨ︽ᠡ‍ᠷᠡᠭᠦᠯ ᠮᠡᠨᠳᠦ – 5︾ᠲᠥᠰᠦᠯ  ᠤᠨ ᠬᠦᠷᠢᠶᠡᠨ ᠳ᠋ᠦ 30 ᠰᠠᠶ᠎ᠠ ᠳ᠋ᠤᠯᠯᠠᠷ ᠤᠨ ᠭᠠᠮᠰᠢᠭ ᠤᠨ ᠦᠶ᠎ᠡ ᠳ᠋ᠦ ᠱᠠᠭᠠᠷᠳᠠᠯᠭ᠎ᠠ ᠲᠠᠢ ᠡ‍ᠮᠨᠡᠯᠭᠡ ᠵᠢᠨ ᠲᠤᠨᠤᠭ ᠲᠥᠬᠥᠭᠡᠷᠦᠮᠵᠢ᠂ ᠣᠨᠤᠰᠢᠯᠠᠭᠤᠷ ᠬᠤᠳᠠᠯᠳᠤᠨ ᠠᠪᠬᠤ ᠳᠤ ᠰᠠᠩᠬᠦᠦ ᠵᠢᠨ ᠳᠡᠮᠵᠢᠯᠭᠡ ᠥᠭᠭᠦᠭᠰᠡᠨ᠃ ᠲᠡᠭᠦᠨᠴᠢᠯᠡᠨ ᠨᠡᠢᠢᠭᠡᠮ  ᠤᠨ ᠬᠠᠮᠠᠭᠠᠯᠠᠯ ᠤᠨ ᠰᠠᠯᠪᠤᠷᠢ  ᠳᠤ26.4 ᠰᠠᠶ᠎ᠠ ᠳ᠋ᠤᠯᠯᠠᠷ ᠤᠨ ᠵᠢᠭᠡᠯᠡᠯᠭᠡ ᠣᠯᠭᠤᠵᠠᠢ᠃ ᠲᠡᠭᠦᠨ ᠡ‍ᠴᠡ ᠭᠠᠳᠠᠨ᠎ᠠ 1.5 ᠰᠠᠶ᠎ᠠ ᠳ᠋ᠤᠯᠯᠠᠷ  ᠤᠨ ᠪᠤᠴᠠᠯᠲᠠ ᠦᠭᠡᠢ ᠲᠤᠰᠠᠯᠠᠮᠵᠢ ᠮᠤᠩᠭᠤᠯ ᠤᠯᠤᠰ ᠲᠤ ᠣᠯᠭᠤᠬᠤ ᠪᠡᠷ ᠪᠣᠯᠤᠭᠰᠠᠨ ᠪᠠᠢᠢᠨ᠎ᠠ ᠃ ᠮᠥᠨ ᠮᠡᠷᠭᠡᠵᠢᠯ ᠤᠨ ᠬᠢᠨᠠᠯᠲᠠ ᠵᠢᠨ ᠶᠡᠷᠦᠩᠬᠡᠢ ᠭᠠᠵᠠᠷ ᠲᠤ ᠺᠣᠷᠤᠨᠠ ᠸᠢᠷᠦ᠋ᠰ ᠦᠨ ᠭᠤᠯᠤᠮᠲᠠ ᠳ᠋ᠤ ᠠᠵᠢᠯᠯᠠᠵᠤ ᠪᠠᠢᠢᠭ᠎ᠠ ᠠᠯᠪᠠᠨ ᠬᠠᠭᠠᠭᠴᠢᠳ  ᠤᠨ ᠬᠤᠪᠴᠠᠰᠤ ᠬᠡᠷᠡᠭᠯᠡᠯ᠂ ᠲᠤᠨᠤᠭ ᠲᠥᠬᠥᠭᠡᠷᠦᠮᠵᠢ ᠵᠢ ᠨᠡᠮᠡᠭᠳᠡᠭᠦᠯᠬᠦ ᠳ᠋ᠦ 500 ᠮᠢᠩᠭᠠᠨ ᠳ᠋ᠤᠯᠯᠠᠷ  ᠤᠨ ᠳᠡᠮᠵᠢᠯᠭᠡ ᠪᠣᠯᠬᠤ ᠪᠡᠷ ᠪᠣᠯᠵᠠᠢ᠃

︽ᠬᠢᠯᠢ ᠳᠠᠮᠨᠠᠭᠰᠠᠨ ᠪᠦᠰᠡ︾ᠲᠥᠰᠦᠯ  ᠤᠨ ᠬᠦᠷᠢᠶᠡᠨ ᠳ᠋ᠦ ᠵᠠᠮ  ᠤᠨ ᠡᠭᠦᠳᠡ ᠶᠢᠨ ᠴᠢᠯᠦᠭᠡᠲᠦ ᠪᠦᠰᠡ ᠳ᠋ᠦ ᠪᠦᠲᠦᠭᠡᠨ ᠪᠠᠢᠢᠭᠤᠯᠤᠯᠲᠠ ᠵᠢᠨ ᠠᠵᠢᠯ ᠳᠦ ᠰᠠᠩᠬᠦᠦ ᠵᠢᠨ ᠳᠡᠮᠵᠢᠯᠭᠡ ᠪᠣᠯᠬᠤ ᠵᠢᠨ ᠵᠡᠷᠭᠡᠴᠡᠭᠡ︽ᠤᠷᠭᠤᠮᠠᠯ ᠬᠦᠨᠡᠰᠦᠨ ᠪ ᠠᠶᠤᠯᠭᠦᠢ ᠪᠠᠢᠢᠳᠠᠯ︾ ᠢ ᠬᠠᠩᠭᠠᠬᠤ  ᠲᠦᠰᠦᠯ ᠬᠡᠷᠡᠭᠵᠢᠭᠦᠯᠵᠦ ᠪᠠᠢᠢᠨ᠎ᠠ᠃ ᠡ‍ᠨᠡ ᠬᠦᠷᠢᠶᠡᠨ ᠳ᠋ᠦ ᠵᠠᠮ  ᠦᠨ ᠡ‍ᠭᠦᠳᠡ ᠳ᠋ᠦ ᠤᠷᠭᠤᠮᠠᠯ ᠬᠠᠮᠠᠭᠠᠯᠠᠯ ᠤᠨ ᠯᠠᠪᠣᠷᠠᠲ᠋ᠤᠷᠢ ᠵᠢᠨ ᠪᠠᠷᠢᠯᠭ᠎ᠠ ᠵᠢᠨ ᠪᠦᠲᠦᠭᠡᠨ ᠪᠠᠢᠢᠭᠤᠯᠤᠯᠲᠠ ᠵᠢᠨ ᠠᠵᠢᠯ ᠡ‍ᠬᠢᠯᠡᠴᠢᠬᠡᠭᠰᠡᠨ ᠂ ᠠᠵᠢᠯ ᠨᠢ ᠦᠷᠭᠦᠯᠵᠢᠯᠡᠵᠦ ᠪᠠᠢᠢᠭ᠎ᠠ ᠵᠢ ᠳᠤᠭᠤᠯᠭᠠᠪᠠ ᠃

ᠮᠥᠨ ᠮᠤᠩᠭᠤᠯ ᠤᠯᠤᠰ  ᠦᠨ ᠵᠠᠰᠠᠭ  ᠤᠨ ᠭᠠᠵᠠᠷ ︽ᠬᠠᠯᠳᠠᠪᠤᠷᠢᠲᠤ ᠡ‍ᠪᠡᠳᠴᠢᠨ ᠰᠤᠳᠤᠯᠤᠯ  ᠤᠨ ᠦᠨᠳᠦᠰᠦᠨ ᠪ ᠲᠥᠪ – 2 ︾ ᠢ ᠪᠠᠢᠢᠭᠤᠯᠬᠤ  ᠳᠦ ᠲᠡᠳᠡ ᠬᠠᠮᠲᠤᠷᠠᠨ ᠠᠵᠢᠯᠯᠠᠬᠤ ᠳᠦ ᠪᠡᠯᠡᠨ ᠭᠡᠳᠡᠭ ᠵᠢᠨᠨ ᠬᠡᠯᠡᠭᠰᠡᠨ ᠶᠤᠮ ᠃

ᠰᠡᠳᠬᠢᠭᠳᠡᠯ ᠦᠯᠡᠳᠡᠭᠡᠬᠦ