ᠠᠪᠠ ᠵᠢᠨ ᠬᠥᠬᠡ ᠠᠭᠤᠯᠠᠨ ᠳᠤ ᠬᠦᠷᠡᠯ ᠂ ᠲᠦᠷᠦᠭᠦᠦ ᠲᠡᠮᠦᠷ ᠤᠨ ᠦᠶ᠎ᠡ ᠶᠢᠨ ᠳᠤᠷᠠᠰᠬᠠᠯ ᠤᠳ ᠪᠤᠢ | News.MN

ᠠᠪᠠ ᠵᠢᠨ ᠬᠥᠬᠡ ᠠᠭᠤᠯᠠᠨ ᠳᠤ ᠬᠦᠷᠡᠯ ᠂ ᠲᠦᠷᠦᠭᠦᠦ ᠲᠡᠮᠦᠷ ᠤᠨ ᠦᠶ᠎ᠡ ᠶᠢᠨ ᠳᠤᠷᠠᠰᠬᠠᠯ ᠤᠳ ᠪᠤᠢ

ᠠᠪᠠ ᠵᠢᠨ ᠬᠥᠬᠡ ᠠᠭᠤᠯᠠ ᠨᠢ ᠬᠤᠪᠲᠤ ᠠᠢᠢᠮᠠᠭ ᠤᠨ ᠪᠤᠯᠠᠭᠠᠨ ᠰᠤᠮᠤ ᠵᠢᠨ ᠲᠥᠪ ᠡ‍ᠴᠡ ᠪᠠᠷᠠᠭᠤᠨ ᠲᠡᠢᠢᠰᠢ ᠨᠠᠢᠮᠠᠨ ᠺᠢᠯᠤᠮᠧᠲ᠋ᠷ ᠵᠠᠢ ᠳᠤ ᠪᠤᠯᠠᠭᠠᠨ ᠭᠤᠤᠯ ᠤᠨ ᠪᠠᠷᠠᠭᠤᠨ ᠡ‍ᠷᠭᠢ ᠳ᠋ᠦ ᠣᠷᠤᠰᠢᠨ᠎ᠠ ᠃ ᠲᠡᠨᠳᠡ ᠨᠡᠢᠢᠲᠡ 58 ᠰᠢᠷᠬᠡᠭ ᠪᠤᠯᠠᠰᠢ ᠬᠢᠷᠭᠢᠰᠦᠭᠦᠷ ᠪᠤᠢ ᠃ ᠮᠥᠨ 34 ᠰᠢᠷᠬᠡᠭ ᠪᠠᠯᠪᠡᠯ ᠴᠢᠯᠠᠭᠤ ᠂ 20 ᠣᠷᠴᠢᠮ ᠬᠠᠳᠠᠨ ᠪ ᠵᠢᠷᠤᠭ ᠂ ᠨᠢᠭᠡ ᠬᠥᠮᠦᠨ ᠴᠢᠯᠠᠭᠤᠨ ᠬᠥᠰᠢᠶ᠎ᠡ ᠂ ᠪᠤᠭᠤᠨ ᠬᠥᠰᠢᠶ᠎ᠡ ᠪᠠᠢᠢᠨ᠎ᠠ ᠃ ᠲᠡᠭᠦᠨᠴᠢᠯᠡᠨ 13 ᠰᠢᠷᠬᠡᠭ ᠵᠤᠰᠤᠨ ᠵᠢᠷᠤᠭ ᠲᠠᠢ ᠪᠤᠯᠠᠰᠢᠨ ᠪ ᠬᠠᠰᠢᠯᠭ᠎ᠠ ᠴᠢᠯᠠᠭᠤ ᠪᠠᠢᠢᠳᠠᠭ ᠃

ᠳᠡᠭᠡᠷᠡᠬᠢ ᠳᠤᠷᠠᠰᠬᠠᠯ  ᠦᠳ ᠡᠴᠠ ᠨᠡᠢᠢᠲᠡ ᠵᠢᠨ ᠲᠤᠭᠠᠯᠠᠯ ᠦᠨ ᠡ‍ᠮᠦᠨᠡᠬᠢ 2700 – 2000 ᠵᠢᠯ ᠤᠨ ᠡ‍ᠮᠦᠨᠡᠬᠢ ᠬᠦᠷᠡᠯ ᠤᠨ ᠦᠶ᠎ᠡ ᠳ᠋ᠦ ᠬᠤᠯᠪᠣᠭᠳᠠᠬᠤ ᠬᠡᠮᠴᠦᠭ ᠪᠤᠯᠠᠰᠢ 10 ᠰᠢᠷᠬᠡᠭ ᠪᠠᠢᠢᠨ᠎ᠠ ᠃ ᠤᠯᠠᠮ ᠵᠢᠨᠷ 2015 ᠣᠨ ᠳᠦ ᠬᠤᠪᠲᠤ ᠠᠢᠢᠮᠠᠭ  ᠤᠨ ᠮᠦᠽᠧᠢ ᠵᠢᠨ ᠬᠡᠭᠡᠷ᠎ᠡ ᠵᠢᠨ ᠰᠤᠳᠤᠯᠭᠠᠨ ᠪ ᠪᠠᠭ ᠲᠤᠰ ᠳᠤᠷᠠᠰᠬᠠᠯᠲᠤ ᠭᠠᠵᠠᠷ ᠊ᠢ ᠤᠯᠤᠰ ᠤᠨ ᠨᠢᠭᠡᠳᠦᠭᠰᠡᠨ ᠪᠦᠷᠢᠳᠬᠡᠯ ᠮᠡᠳᠡᠭᠡᠯᠡᠯ  ᠤᠨ ᠰᠠᠩ ᠳᠤ 840100173 ᠳ᠋ᠤᠭᠠᠷ ᠲᠠᠢ ᠪᠠᠷ ᠣᠷᠤᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ