ᠬᠠᠨ ᠲᠠᠢᠢᠰᠢᠷᠢ ᠵᠢᠨ ᠨᠢᠷᠤᠭᠤ ᠳᠦ ᠬᠠᠯᠢᠭᠤᠨ ᠪᠤᠭᠤ ᠵᠢ ᠰᠤᠳᠤᠯᠤᠨ᠎ᠠ | News.MN

ᠬᠠᠨ ᠲᠠᠢᠢᠰᠢᠷᠢ ᠵᠢᠨ ᠨᠢᠷᠤᠭᠤ ᠳᠦ ᠬᠠᠯᠢᠭᠤᠨ ᠪᠤᠭᠤ ᠵᠢ ᠰᠤᠳᠤᠯᠤᠨ᠎ᠠ

ᠰᠸᠢᠰ  ᠤᠨ ᠬᠥᠭᠵᠢᠯ  ᠤᠨ ᠠᠭ᠍ᠸᠨᠲᠯᠢᠭ ᠪᠣᠯᠤᠨ ︽ᠠᠯᠲᠠᠢ ᠵᠢᠨ ᠬᠠᠯᠢᠭᠤᠨ ᠪᠤᠭᠤ ︾ᠲᠥᠷᠦ ᠵᠢᠨ ᠪᠤᠰᠤ ᠪᠠᠢᠢᠭᠤᠯᠭ᠎ᠠ ᠬᠠᠮᠲᠤᠷᠠᠨ ᠬᠠᠨ ᠲᠠᠢᠢᠰᠢᠷᠢ ᠵᠢᠨ ᠨᠢᠷᠤᠭᠤ ᠣᠷᠴᠢᠮ  ᠤᠨ ᠬᠠᠯᠢᠭᠤᠨ ᠪᠤᠭᠤ ᠵᠢᠨ ᠰᠤᠳᠤᠯᠭᠠᠨ ᠬᠢᠬᠦ ᠭᠡᠵᠦ ᠪᠤᠢ ᠲᠠᠯ᠎ᠠ ᠪᠡᠷ ᠮᠡᠳᠡᠭᠡᠯᠡᠯ᠎ᠡ ᠃ ᠲᠡᠳᠡ ᠨᠠᠢᠮᠠᠳᠤᠭᠠᠷ ᠰᠠᠷ᠎ᠠ ᠵᠢᠨ 5 ᠪ ᠡ‍ᠳᠦᠷ 2022 ᠣᠨ ᠪ ᠬᠤᠶᠠᠳᠤᠭᠠᠷ ᠰᠠᠷ᠎ᠠ ᠬᠦᠷᠲᠡᠯ᠎ᠡ ᠬᠠᠮᠲᠤᠷᠠᠨ ᠠᠵᠢᠯᠯᠠᠬᠤ ᠭᠡᠷ᠎ᠡ ᠵᠢ ᠬᠢᠵᠡᠢ ᠃ ᠡ‍ᠨᠡ ᠬᠤᠭᠤᠴᠠᠭᠠᠨ ᠳᠦ ᠬᠠᠨ ᠲᠠᠢᠢᠰᠢᠷᠢ ᠵᠢᠨ ᠨᠢᠷᠤᠭᠤᠨ ᠳᠦ ᠬᠠᠯᠢᠭᠤᠨ ᠪᠤᠭᠤ ᠨᠤᠲᠤᠭᠰᠢᠭᠤᠯᠬᠤ ᠲᠥᠰᠦᠯ ᠊ᠢ ᠬᠠᠮᠲᠤᠷᠠᠨ ᠬᠡᠷᠡᠭᠵᠢᠭᠦᠯᠵᠦ ᠂ ᠬᠠᠨ ᠲᠠᠢᠢᠰᠢᠷᠢ ᠣᠷᠴᠢᠮ ᠤᠨ ᠬᠠᠯᠢᠭᠤᠨ ᠪᠤᠭᠤ ᠶᠢ ᠲᠤᠭᠠᠯᠠᠬᠤ᠂ ᠪᠠᠢᠢᠭᠠᠯᠢ ᠵᠢᠨ ᠠᠶᠠᠯᠠᠯ ᠵᠢᠭᠤᠯᠴᠢᠯᠠᠯ ᠬᠥᠭᠵᠢᠭᠦᠯᠬᠦ ᠪᠣᠯᠤᠮᠵᠢ ᠵᠢ ᠨᠡᠮᠡᠭᠳᠡᠭᠦᠯᠬᠦ ᠭᠡᠬᠦ ᠮᠡᠲᠦ ᠠᠵᠢᠯ ᠦᠳ ᠊ᠢ ᠬᠡᠷᠡᠭᠵᠢᠭᠦᠯᠬᠦ ᠶᠤᠮ ᠃

ᠬᠠᠨ ᠲᠠᠢᠢᠰᠢᠷᠢ ᠵᠢᠨ ᠨᠢᠷᠤᠭᠤᠨ ᠳᠤ ᠬᠠᠯᠢᠭᠤᠨ ᠪᠤᠭᠤ ᠨᠤᠲᠤᠭᠰᠢᠭᠤᠯᠬᠤ ᠠᠵᠢᠯ ᠊ᠢ ︽ᠠᠯᠲᠠᠢ ᠵᠢᠨ ᠬᠠᠯᠢᠭᠤᠨ ᠪᠤᠭᠤ︾ᠲᠥᠷᠦ ᠵᠢᠨ ᠪᠤᠰᠤ ᠪᠠᠢᠢᠭᠤᠯᠭ᠎ᠠ 2017 ᠣᠨ ᠡᠴᠠ ᠡ‍ᠬᠢᠯᠡᠭᠦᠯᠵᠦ᠂ ᠮᠥᠨ ᠣᠨ ᠳ᠋ᠤ ᠪᠠᠨ ᠪᠣᠯᠤᠨ 2018 ᠣᠨ ᠳᠦ ᠲᠤᠰ ᠪᠦᠷᠢ 10 ᠂ ᠡ‍ᠨᠡ ᠣᠨ ᠪ ᠳᠤᠯᠤᠳᠤᠭᠠᠷ ᠰᠠᠷ᠎ᠠ ᠵᠢᠨ ᠲᠠᠪᠤᠨ ᠳ᠋ᠤ 21  ᠪᠤᠭᠤ ᠨᠤᠲᠤᠭᠰᠢᠭᠤᠯᠤᠭᠰᠠᠨ ᠪᠠᠢᠢᠨ᠎ᠠ ᠃

ᠰᠡᠳᠬᠢᠭᠳᠡᠯ ᠦᠯᠡᠳᠡᠭᠡᠬᠦ