︽ᠲᠥᠷᠦᠲᠦ ᠶᠤᠰᠣ᠂ ᠬᠠᠭᠠᠳ ᠤᠨ ᠰᠠᠩ︾ ᠤᠨ ᠡᠷᠳᠡᠮᠲᠡᠳ ᠰᠢᠨᠵᠢᠯᠡᠬᠦ ᠤᠬᠠᠭᠠᠨ ᠪ ᠠᠺᠠᠳᠧᠮᠢ ᠵᠢᠨ ᠲᠡᠦᠬᠡ ᠠᠷᠾᠸᠦᠯᠦᠭᠢ ᠵᠢᠨ ᠬᠦᠷᠢᠶᠡᠯᠡᠩ ᠤᠨ ᠰᠤᠳᠤᠯᠤᠭᠠᠴᠢᠳ ᠲᠠᠢ ᠬᠠᠮᠲᠤᠷᠠᠨ ︽ ᠴᠢᠩᠭᠢᠰ ᠬᠠᠭᠠᠨ︾ᠰᠢᠲᠦᠭᠡᠨ ᠬᠥᠷᠦᠭ ᠪᠦᠲᠦᠭᠡᠵᠡᠢ ᠃ ᠤᠭ ᠬᠦᠷᠦᠭ ᠲᠦ ᠲᠡᠦᠬᠡ ᠰᠤᠶᠤᠯ ᠤᠨ ᠪᠡᠯᠭᠡᠳᠡᠯ ᠤᠳ ᠊ᠢ ᠰᠢᠭᠢᠳᠬᠡᠭᠰᠡᠨ ᠢᠶᠡᠷ ᠢᠶᠡᠨ ᠤᠨᠴᠠᠯᠢᠭ ᠲᠠᠢ᠃ ᠶᠡᠬᠡ ᠬᠠᠭᠠᠨ ᠪ ᠳᠡᠭᠡᠷ᠎ᠡ 10 ᠴᠠᠭᠠᠨ ᠰᠦᠯᠳᠡ ᠪᠠᠢᠢᠬᠤ ᠪᠠ ᠡᠨᠡ ᠨᠢ ᠨᠢᠭᠡᠨ ᠶᠡᠬᠡ ᠲᠤᠭ ᠂ ᠲᠡᠭᠦᠨ ᠊ᠢ ᠲᠤᠭᠤᠷᠢᠭᠠᠳ ᠶᠢᠰᠦᠨ ᠡᠯᠴᠢ ᠰᠦᠯᠳᠡ ᠪᠠᠢᠢᠭᠰᠠᠨ ᠲᠡᠦᠬᠡᠨ ᠰᠤᠷᠪᠤᠯᠵᠢ ᠲᠠᠢ ᠬᠤᠯᠪᠣᠭᠠᠲᠠᠢ᠃ ᠰᠡᠨᠲᠡᠢ ᠵᠢᠨ ᠳᠡᠭᠡᠷ᠎ᠡ ᠮᠤᠩᠭᠤᠯᠴᠤᠳ ᠤᠨ ᠡᠷᠲᠡᠨ ᠪ ᠪᠡᠯᠭᠡᠳᠡᠯ ᠪᠣᠯᠤᠭᠰᠠᠨ ᠴᠠᠭᠠᠨ ᠱᠤᠩᠬᠤᠷ ᠂ ᠬᠦᠯᠦᠭ ᠮᠤᠷᠢᠳ ᠂ ᠦᠨᠳᠦᠰᠦᠨ ᠪ ᠣᠨᠴᠠᠯᠢᠭ ᠲᠠᠢ ᠬᠡ ᠴᠢᠮᠡᠭ ᠤᠷᠠᠯᠠᠵᠠᠢ ᠃ ᠬᠠᠭᠠᠨᠲᠠᠨ ᠪ ᠬᠠᠵᠠᠭᠤ ᠲᠠᠯ᠎ᠠ ᠳᠤ ᠭᠡᠷᠡᠭᠡ ᠶᠢᠨ ᠬᠡ ᠳᠦᠷᠰᠦᠯᠡᠵᠦ ᠂ ᠭᠤᠤᠯ ᠳᠦ ᠨᠢ ᠨᠡᠭᠦᠳᠡᠯᠴᠢᠳ ᠤᠨ ᠰᠤᠶᠤᠯ ᠤᠨ ᠪᠡᠯᠭᠡᠳᠡᠯ ᠪᠣᠯᠬᠤ ᠭᠠᠵᠠᠷ ᠂ ᠲᠩᠷᠢ ᠂ ᠭᠠᠯ ᠊ᠢ ᠲᠥᠯᠦᠭᠡᠯᠡᠭᠦᠯᠵᠦ ᠭᠤᠷᠪᠠᠨ ᠡᠷᠳᠡᠨᠢ ᠵᠢ ᠰᠢᠭᠢᠳᠬᠡᠭᠰᠡᠨ ᠪᠠᠢᠢᠨ᠎ᠠ᠃ ᠶᠡᠬᠡ ᠡᠵᠡᠨ ᠪ ᠲᠦᠰᠢᠯᠭᠡ ᠵᠢ ᠮᠥᠩᠭᠥᠨ ᠲᠤᠪᠤᠷᠤᠤ ᠪᠠᠷ ᠳᠠᠷᠤᠭᠤᠯᠵᠤ ᠂ ᠲᠤᠭᠤᠨᠤᠯᠵᠢᠯᠠᠨ ᠳᠦᠷᠰᠦᠯᠡᠭᠰᠡᠨ ᠨᠢ ᠮᠤᠩᠭᠤᠯ ᠭᠡᠷ ᠤᠨ ᠬᠠᠨ᠎ᠠ ᠶᠢ ᠪᠡᠯᠭᠡᠳᠡᠵᠡᠢ ᠃
︽ᠮᠤᠩᠭᠤᠯ ᠤᠨ ᠨᠢᠭᠤᠴᠠ ᠲᠤᠪᠴᠢᠶᠠᠨ︾ᠳ᠋ᠦ ᠬᠠᠷᠭᠤᠨ᠎ᠠ ᠵᠠᠳᠤᠨ ᠭᠡᠵᠦ ᠭᠠᠷᠳᠠᠭ ᠪᠠ ᠡᠨᠡ ᠨᠢ ᠶᠡᠬᠡ ᠬᠢᠩᠭᠠᠨ ᠪ ᠨᠢᠷᠤᠭᠤ ᠶᠤᠮ ᠪᠠᠢᠢᠨ᠎ᠠ ᠃ ᠶᠡᠬᠡ ᠬᠢᠩᠭᠠᠨ ᠪ ᠨᠢᠷᠤᠭᠤᠨ ᠳᠤ ᠪᠠᠷᠰ ᠪᠠᠢᠢᠭᠰᠠᠨ ᠊ᠢ ᠪᠣᠳᠤᠯᠴᠠᠨ᠂ ᠨᠥᠭᠥᠭᠡ ᠲᠠᠯ᠎ᠠ ᠡᠴᠠ ᠳᠡᠯᠡᠬᠡᠢ ᠵᠢᠨ ᠬᠠᠮᠤᠭ ᠤᠨ ᠬᠦᠴᠦᠷᠬᠡᠭ ᠠᠮᠢᠲᠠᠨ ᠲᠤᠯᠠ ᠠᠷᠠᠰᠤ ᠵᠢ ᠨᠢ ᠬᠠᠭᠠᠨ ᠪ ᠰᠠᠭᠤᠳᠠᠯ ᠳ᠋ᠤ ᠳᠡᠪᠢᠰᠴᠡᠢ ᠃ ᠬᠠᠭᠠᠨ ᠪ ᠬᠥᠯ ᠤᠨ ᠳᠤᠤᠷ᠎ᠠ ᠴᠠᠭᠠᠨ ᠢᠰᠡᠭᠡᠢ ᠳᠡᠪᠢᠰᠦᠭᠰᠡᠨ ᠪᠠᠢᠢᠨ᠎ᠠ᠃ ᠴᠠᠭᠠᠨ ᠢᠰᠡᠭᠡᠢ ᠵᠢᠨ ᠳᠡᠭᠡᠷ᠎ᠡ ᠲᠠᠪᠤᠨ ᠲᠢᠪ ᠪᠦᠬᠦᠢ ᠳᠡᠯᠡᠬᠡᠢ ᠵᠢ ᠲᠥᠯᠦᠭᠡᠯᠡᠭᠦᠯᠦᠭᠰᠡᠨ ᠳᠤᠭᠤᠢ ᠬᠡ ᠪᠤᠢ ᠃ ᠰᠡᠨᠲᠡᠢ ᠵᠢᠨ ᠳᠤᠤᠷᠠᠳᠤ ᠬᠡᠰᠡᠭ ᠲᠦ ᠡᠵᠡᠨ ᠵᠢᠨᠨ ᠬᠠᠮᠠᠭᠠᠯᠠᠨ ᠬᠤᠶᠠᠷ ᠲᠡᠢᠢᠰᠢ ᠬᠠᠨᠳᠤᠭᠰᠠᠨ ᠠᠷᠰᠯᠠᠨ ᠪᠠᠷᠰ ᠤᠨ ᠳᠦᠷᠢ ᠪᠦᠬᠦᠢ ᠬᠥᠮᠦᠨ︵ᠾᠦᠩᠨᠦ︶ᠭᠦᠷᠦᠨ ᠪ ᠦᠶ᠎ᠡ ᠵᠢᠨ ᠴᠢᠮᠡᠭᠯᠡᠯ ᠲᠠᠢ᠃ ᠡᠨᠡ ᠨᠢ ᠶᠡᠬᠡ ᠬᠠᠭᠠᠨ ᠮᠤᠩᠭᠤᠯ ᠦᠨᠳᠦᠰᠦᠲᠡᠨ ᠊ᠢ ᠬᠥᠮᠦᠨ ᠭᠦᠷᠦᠨ ᠪ ᠦᠶ᠎ᠡ ᠡᠴᠡ ᠵᠠᠯᠭᠠᠮᠵᠢ ᠪᠦᠬᠦᠢ ᠬᠡᠮᠡᠨ ᠴᠠᠩᠴᠦ᠋ᠨ ᠪᠤᠮᠪᠤ ᠳ᠋ᠤ ᠪᠢᠴᠢᠭᠰᠡᠨ ᠵᠠᠬᠢᠳᠠᠯ ᠳ᠋ᠤ ᠪᠠᠨ ᠳᠤᠷᠠᠳᠤᠭᠰᠠᠨ ᠊ᠢ ᠰᠠᠨᠠᠭᠤᠯᠵᠤ᠂ ᠬᠡᠳᠦᠨ ᠮᠢᠩᠭᠠᠨ ᠪ ᠲᠡᠷᠲᠡᠭᠡ ᠡᠴᠡ ᠲᠡᠭᠡᠭᠡᠵᠦ ᠢᠷᠡᠭᠰᠡᠨ ᠲᠡᠦᠬᠡ ᠂ ᠰᠤᠶᠤᠯ ᠮᠤᠩᠭᠤᠯ ᠦᠨᠳᠦᠰᠦᠨ ᠪ ᠬᠢ ᠭᠡᠳᠡᠭ ᠊ᠢ ᠪᠡᠯᠭᠡᠳᠡᠭᠰᠡᠨ ᠪᠠᠢᠢᠨ᠎ᠠ ᠃ ᠬᠠᠭᠠᠨᠲᠠᠨ ᠪ ᠳᠡᠪᠡᠯ ᠬᠤᠪᠴᠠᠰᠤ ᠂ ᠮᠠᠯᠠᠭᠠᠢ ᠂ ᠪᠦᠰᠡ ᠲᠡᠷᠢᠭᠦᠲᠡᠨ ᠡᠴᠡ ᠮᠤᠩᠭᠤᠯ ᠳᠡᠭᠡᠳᠦᠰ ᠤᠨ ᠪᠣᠯᠤᠨ ᠦᠨᠳᠦᠰᠦᠨ ᠪ ᠬᠤᠪᠴᠠᠰᠤᠨ ᠪ ᠰᠤᠶᠤᠯ ᠊ᠢ ᠬᠠᠷᠠᠬᠤ ᠪᠣᠯᠤᠮᠵᠢᠲᠠᠢ ᠃ ᠬᠠᠷᠴᠠᠭᠠᠢ ᠮᠠᠯᠠᠭᠠᠢ ᠵᠢᠨ ᠳᠡᠭᠡᠷ᠎ᠡ ᠮᠤᠩᠭᠤᠯᠴᠤᠳ ᠤᠨ ᠡᠷᠲᠡᠨ ᠪ ᠪᠡᠯᠭᠡᠳᠡᠯ ᠨᠠᠷᠠ ᠂ ᠰᠠᠷ᠎ᠠ᠂ ᠭᠠᠯ ᠳᠦᠷᠰᠦᠯᠡᠭᠰᠡᠨ ᠨᠢ ᠪᠠᠢᠢᠭᠠᠯᠢ ᠲᠠᠢ ᠵᠤᠬᠢᠴᠠᠬᠤ ᠠᠮᠢᠳᠤᠷᠠᠵᠤ ᠢᠷᠡᠭᠰᠡᠨ ᠦᠨᠳᠦᠰᠦᠲᠡᠨ ᠡᠬᠡ ᠳᠡᠯᠡᠬᠡᠢ ᠡᠴᠡ ᠪᠡᠨ ᠡᠷᠴᠢ ᠬᠦᠴᠦ ᠂ ᠰᠦᠷ ᠰᠦᠯᠳᠡ ᠡᠭᠦᠳᠭᠡᠬᠦ ᠶᠢᠨ ᠪᠡᠯᠭᠡᠳᠡᠯ ᠠᠵᠠᠢ ᠃ ᠰᠢᠲᠦᠭᠡᠨ ᠬᠥᠷᠦᠭ ᠊ᠢ ᠲᠤᠰ ᠰᠠᠩ ᠤᠨ ᠵᠢᠷᠤᠭᠠᠴᠢ ᠠ᠊ · ᠳᠠᠯᠠᠨᠲᠠᠢ ᠡᠷᠳᠡᠮᠲᠡᠨ ᠂ ᠰᠤᠳᠤᠯᠤᠭᠠᠴᠢᠳ ᠤᠨ ᠵᠢᠭᠠᠪᠤᠷᠢ ᠵᠥᠪᠯᠡᠯᠭᠡ ᠵᠢ ᠪᠠᠷᠢᠮᠲᠠᠯᠠᠨ ᠪᠦᠲᠦᠭᠡᠭᠰᠡᠨ ᠶᠤᠮ ᠪᠠᠢᠢᠨ᠎ᠠ ᠃