ᠴᠤᠬ᠎ᠠ ᠨᠠᠭᠤᠷ  ᠤᠨ ᠰᠢᠪᠠᠭᠤᠳ ᠢ ᠲᠤᠭᠠᠯᠠᠵᠤ ᠪᠠᠢᠨ᠎ᠠ | News.MN

ᠴᠤᠬ᠎ᠠ ᠨᠠᠭᠤᠷ  ᠤᠨ ᠰᠢᠪᠠᠭᠤᠳ ᠢ ᠲᠤᠭᠠᠯᠠᠵᠤ ᠪᠠᠢᠨ᠎ᠠ

ᠳᠤᠷᠤᠨᠠᠲᠤ ᠠᠢᠢᠮᠠᠭ  ᠤᠨ ᠳᠠᠰᠢᠪᠠᠯᠪᠠᠷ ᠰᠤᠮᠤ ᠵᠢᠨ ᠨᠤᠲᠤᠭ ᠲᠠᠬᠢ ᠴᠤᠬ᠎ᠠ ᠨᠠᠭᠤᠷ ᠵᠢᠨᠷ ᠳᠠᠭᠠᠷᠢᠨ ᠥᠩᠭᠡᠷᠡᠳᠡᠭ ᠨᠡᠭᠦᠳᠡᠯ  ᠤᠨ ᠡ‍ᠷᠭᠢ ᠵᠢᠨ ᠰᠢᠪᠠᠭᠤᠳ  ᠤᠨ ᠲᠤᠭ᠎ᠠ ᠲᠤᠯᠤᠭᠠᠢ ᠳᠤ  ᠰᠤᠳᠤᠯᠭᠠᠨ ᠬᠢᠬᠦ ᠪᠡᠷ ᠪᠣᠯᠵᠠᠢ ᠃ ᠲᠤᠩ ᠤᠳᠠᠬᠤ ᠦᠭᠡᠢ ᠮᠤᠩᠭᠤᠯ  ᠤᠨ ᠰᠢᠪᠠᠭᠤ ᠬᠠᠮᠠᠭᠠᠯᠠᠬᠤ ᠲᠥᠪ  ᠤᠨ ᠨᠠᠮᠤᠷ  ᠤᠨ ᠰᠤᠳᠤᠯᠭᠠᠨ ᠪ ᠪᠠᠭ ᠳᠡᠭᠡᠷᠡᠬᠢ ᠠᠵᠢᠯ ᠊ᠢ ᠡ‍ᠬᠢᠯᠡᠭᠦᠯᠬᠦ ᠪᠡᠷ ᠪᠡᠯᠡᠳᠬᠡᠯ ᠵᠢᠨᠨ ᠪᠠᠵᠠᠭᠠᠵᠤ ᠪᠠᠢᠢᠨ᠎ᠠ ᠃ ᠡ‍ᠷᠭᠢ ᠵᠢᠨ ᠰᠢᠪᠠᠭᠤᠳ  ᠤᠨ ᠨᠠᠮᠤᠷ  ᠤᠨ ᠨᠡᠭᠦᠳᠡᠯ ᠡ‍ᠨᠡ ᠰᠠᠷ᠎ᠠ ᠵᠢᠨ ᠳᠤᠮᠳᠠ ᠡᠴᠠ ᠡ‍ᠬᠢᠯᠡᠭᠰᠡᠨ ᠴᠦ ᠨᠠᠮᠤᠷ  ᠤᠨ ᠨᠡᠭᠦᠳᠡᠯ  ᠤᠨ ᠢᠳᠡᠪᠬᠢᠵᠢᠯ ᠴᠤᠬ᠎ᠠ ᠨᠠᠭᠤᠷ ᠲᠤ ᠨᠠᠢᠮᠠᠳᠤᠭᠠᠷ ᠰᠠᠷ᠎ᠠ ᠵᠢᠨ ᠡ‍ᠬᠢ ᠪᠡᠷ ᠨᠡᠮᠡᠭᠳᠡᠳᠡᠭ ᠃ ᠡ‍ᠨᠡ ᠬᠦ ᠬᠡᠭᠡᠷ᠎ᠡ ᠵᠢᠨ ᠰᠤᠳᠤᠯᠭᠠᠨ ᠳᠤ ᠮᠤᠩᠭᠤᠯ  ᠤᠨ ᠰᠢᠪᠠᠭᠤ ᠬᠠᠮᠠᠭᠠᠯᠠᠬᠤ ᠲᠥᠪ ᠂ ᠬᠥᠳᠡᠭᠡ ᠠᠵᠤ ᠠᠬᠤᠢ ᠵᠢᠨ ᠶᠡᠬᠡ ᠰᠤᠷᠭᠠᠭᠤᠯᠢ ᠵᠢᠨ ᠬᠠᠷᠢᠶ᠎ᠠ ᠮᠠᠯ ᠡ‍ᠮᠨᠡᠯᠭᠡ ᠵᠢᠨ ᠬᠦᠷᠢᠶᠡᠯᠡᠩ  ᠤᠨ ᠸᠢᠷᠦ᠋ᠰ ᠰᠤᠳᠤᠯᠤᠯ  ᠤᠨ ᠯᠠᠪᠣᠷᠠᠲ᠋ᠤᠷᠢ ᠂ ᠵᠡᠭᠦᠨ ᠪᠦᠰᠡ ᠵᠢᠨ ᠳᠠᠷᠬᠠᠨ ᠴᠠᠭᠠᠵᠠᠲᠤ ᠭᠠᠵᠠᠷ ᠤᠳ ᠤᠨ︽ᠳᠤᠷᠤᠨᠠᠲᠤ︾ᠬᠠᠮᠠᠭᠠᠯᠠᠯᠲᠠ ᠵᠢᠨ ᠵᠠᠬᠢᠷᠭ᠎ᠠ ᠵᠡᠷᠭᠡ ᠪᠠᠢᠢᠭᠤᠯᠭ᠎ᠠ ᠵᠢᠨ ᠰᠤᠳᠤᠯᠤᠭᠠᠴᠢᠳ ᠪᠣᠯᠤᠨ ᠮᠤᠩᠭᠤᠯ ᠤᠯᠤᠰ  ᠤᠨ ᠶᠡᠬᠡ ᠰᠤᠷᠭᠠᠭᠤᠯᠢ ᠂ ᠮᠤᠩᠭᠤᠯ ᠤᠯᠤᠰ  ᠤᠨ ᠪᠠᠭᠰᠢ ᠵᠢᠨ ᠶᠡᠬᠡ ᠰᠤᠷᠭᠠᠭᠤᠯᠢ ᠵᠢᠨ ᠪᠢᠤᠯᠤᠭᠢ ᠵᠢᠨ ᠲᠠᠩᠬᠢᠮ᠂ ᠬᠥᠳᠡᠭᠡ ᠠᠵᠤ ᠠᠬᠤᠢ ᠵᠢᠨ ᠶᠡᠬᠡ ᠰᠤᠷᠭᠠᠭᠤᠯᠢ ᠵᠢᠨ ᠮᠠᠯ ᠡ‍ᠮᠨᠡᠯᠭᠡ ᠵᠢᠨ ᠰᠤᠷᠭᠠᠭᠤᠯᠢ ᠵᠢᠨ ᠤᠶᠤᠲᠠᠳ ᠣᠷᠤᠯᠴᠠᠨ᠎ᠠ ᠃

ᠡ‍ᠷᠭᠢ ᠵᠢᠨ ᠰᠢᠪᠠᠭᠤ ᠭᠡᠳᠡᠭ ᠨᠢ ᠭᠤᠤᠯ᠂ ᠨᠠᠭᠤᠷ ᠵᠡᠷᠭᠡ ᠤᠰᠤᠨ ᠰᠠᠩ ᠤᠨ ᠡ‍ᠷᠭᠢ ᠣᠷᠴᠢᠮ ᠵᠢᠨᠷ ᠠᠮᠢᠳᠤᠷᠠᠬᠤ ᠬᠠᠪᠲᠠᠭᠠᠯᠵᠢ ᠂  ᠡᠯᠡᠰᠦᠭ ᠂  ᠴᠤᠴᠠᠯᠠᠢ ᠂  ᠬᠢᠯᠢᠩ ᠵᠢᠭᠦᠷᠲᠦ ᠵᠡᠷᠭᠡ ᠰᠢᠪᠠᠭᠤᠳ ᠶᠤᠮ᠃ ᠳᠡᠭᠡᠷᠡᠬᠢ ᠰᠢᠪᠠᠭᠤᠳ ᠨᠢ ᠠᠯᠤᠰ ᠨᠡᠭᠦᠳᠡᠯᠯᠡᠳᠡᠭ᠂ ᠤᠰᠤ ᠨᠠᠮᠤᠭᠤᠷᠬᠠᠭ ᠭᠠᠵᠠᠷ ᠤᠨ ᠪᠣᠬᠢᠷᠳᠠᠯ  ᠤᠨ ᠴᠢᠬᠤᠯᠠ ᠢᠨᠳᠢᠺᠠᠲ᠋ᠤᠷ ᠪᠣᠯᠳᠠᠭ ᠃ ᠪᠠᠭᠤᠵᠤ ᠠᠮᠠᠷᠠᠯ ᠦᠭᠡᠶ 8000 – 10000 ᠺᠢᠯᠤᠮᠧᠲ᠋ᠷ ᠠᠯᠤᠰ ᠨᠢᠰᠳᠡᠭ᠃ ᠨᠡᠭᠦᠳᠡᠯ  ᠤᠨ ᠵᠠᠮ ᠳ᠋ᠤ ᠪᠠᠨ 22 ᠤᠯᠤᠰ ᠣᠷᠤᠨ ᠊ᠢ ᠳᠠᠮᠵᠢᠳᠠᠭ ᠂ ᠬᠥᠮᠦᠨ ᠪ ᠨᠥᠯᠦᠭᠡᠨ ᠳ᠋ᠦ ᠣᠯᠠᠨ ᠵᠢᠨᠷ ᠥᠷᠲᠦᠳᠡᠭ ᠵᠡᠷᠭᠡ ᠣᠨᠴᠠᠯᠢᠭ ᠲᠠᠢ ᠃ ᠮᠠᠨ ᠪ  ᠤᠷᠤᠨ ᠳᠤ 58 ᠵᠦᠢᠯ ᠡ‍ᠷᠭᠢ ᠵᠢᠨ ᠰᠢᠪᠠᠭᠤᠳ  ᠠᠮᠢᠳᠤᠷᠠᠨ ᠨᠤᠲᠤᠭᠯᠠᠳᠠᠭ ᠃

ᠰᠡᠳᠬᠢᠭᠳᠡᠯ ᠦᠯᠡᠳᠡᠭᠡᠬᠦ