ᠤᠯᠤᠰ ᠤᠨ ᠶᠡᠬᠡ ᠬᠤᠷᠠᠯ ᠤᠨ ᠭᠡᠰᠢᠭᠦᠨ ᠵᠢᠨᠷ ᠠᠵᠢᠯᠯᠠᠵᠤ ᠪᠠᠢᠢᠬᠤ ᠳ᠋ᠤ ᠪᠠᠨ ᠠᠷᠠᠳᠴᠢᠯᠠᠭᠰᠠᠨ ᠨᠠᠮ ᠡᠴᠠ ᠭᠠᠷᠴᠤ ᠰᠢᠨ᠎ᠡ ᠨᠠᠮ ᠊ᠢ ᠪᠠᠢᠢᠭᠤᠯᠤᠯᠴᠠᠵᠤ᠂ ᠲᠤᠰ ᠨᠠᠮ ᠦᠨ ᠵᠢᠨᠨ ᠲᠥᠪ ᠵᠥᠪᠯᠡᠯ ᠤᠨ ᠳᠠᠷᠤᠭ᠎ᠠ ᠪᠣᠯᠤᠭᠰᠠᠨ ᠯ᠊·ᠪᠣᠯᠤᠳ ᠶᠡᠷᠦᠩᠬᠡᠢᠢᠯᠡᠭᠴᠢ ᠵᠢᠨ ᠵᠥᠪᠯᠡᠬᠦ ᠪᠣᠯᠬᠤ ᠲᠠᠯ᠎ᠠ ᠪᠡᠷ ᠮᠡᠳᠡᠭᠡᠯᠡᠯ ᠭᠠᠷᠤᠭᠠᠳ ᠪᠠᠢᠢᠭᠰᠠᠨ ᠃ ᠡᠨᠡ ᠲᠠᠯ᠎ᠠ ᠪᠡᠷ ᠶᠡᠷᠦᠩᠬᠡᠢᠢᠯᠡᠭᠴᠢ ᠵᠢᠨ ᠲᠠᠮᠠᠭ᠎ᠠ ᠵᠢᠨ ᠭᠠᠵᠠᠷ ᠡᠴᠠ ᠠᠯᠪᠠᠨ ᠶᠤᠰᠣ ᠪᠡᠷ ᠮᠡᠳᠡᠭᠡᠯᠡᠭᠡ ᠦᠭᠡᠢ ᠪᠠᠢᠢᠭ᠎ᠠ ᠴᠦ ᠯ᠊·ᠪᠣᠯᠤᠳ ᠡᠨᠡ ᠲᠤᠬᠠᠢ ᠪᠣᠯᠤᠨ ᠠᠷᠠᠳᠴᠢᠯᠠᠭᠰᠠᠨ ᠨᠠᠮ ᠤᠨ ᠰᠢᠨᠡᠴᠢᠯᠡᠯ ᠤᠨ ᠲᠠᠯ᠎ᠠ ᠪᠡᠷ ᠪᠠᠢᠢᠷᠢ ᠰᠠᠭᠤᠷᠢ ᠪᠠᠨ ︽ᠡᠳᠦᠷ ᠤᠨ ᠰᠤᠨᠢᠨ︾ᠪ ᠥᠨᠦᠳᠦᠷ ᠤᠨ ᠳ᠋ᠤᠭᠠᠷ ᠲᠤ ᠢᠯᠡᠷᠬᠡᠢᠢᠯᠡᠵᠡᠢ᠃ ᠯ᠊·ᠪᠣᠯᠤᠳ ᠨᠢ ᠤᠯᠤᠰ ᠤᠨ ᠶᠡᠬᠡ ᠬᠤᠷᠠᠯ ᠤᠨ ᠰᠤᠩᠭᠤᠭᠤᠯᠢ ᠵᠢᠨ 29 ᠳ᠋ᠤᠭᠡᠷ ᠲᠤᠭᠤᠷᠢᠭ ᠪᠤᠶᠤ ᠬᠠᠨ ᠠᠭᠤᠯᠠ ᠳᠡᠭᠦᠷᠭᠡ ᠳ᠋ᠦ ᠨᠡᠷ᠎ᠡ ᠳᠡᠪᠰᠢᠵᠦ ᠥᠷᠢᠰᠦᠯᠳᠦᠭᠰᠡᠨ ᠴᠦ ᠰᠤᠩᠭᠤᠭᠳᠠᠵᠤ ᠴᠢᠳᠠᠭ᠎ᠠ ᠦᠭᠡᠢ ᠂ ᠠᠪᠤᠭᠰᠠᠨ ᠰᠠᠨᠠᠯ ᠵᠢᠨᠷ ᠵᠢᠨᠨ ᠨᠠᠢᠮᠠᠳᠤᠭᠠᠷ ᠲᠤ ᠵᠢᠭᠰᠠᠭᠰᠠᠨ ᠶᠤᠮ᠃ ᠲᠡᠷᠡ ᠪᠡᠷ ᠶᠡᠷᠦᠩᠬᠡᠢᠢᠯᠡᠭᠴᠢ ᠳ᠋ᠦ ᠠᠶᠤᠯᠭᠦᠢ ᠪᠠᠢᠢᠳᠠᠯ ᠂ ᠪᠠᠲᠤᠯᠠᠨ ᠬᠠᠮᠠᠭᠠᠯᠠᠬᠤ ᠵᠢᠨ ᠠᠰᠠᠭᠤᠳᠠᠯ ᠵᠢᠨᠷ ᠵᠥᠪᠯᠡᠬᠦ ᠶᠤᠮ ᠪᠠᠢᠢᠨ᠎ᠠ ᠃
ᠲᠡᠷᠡ ᠪᠡᠷ︽ᠡᠳᠦᠷ ᠤᠨ ᠰᠤᠨᠢᠨ︾ᠳ᠋ᠦ ᠥᠭᠭᠦᠭᠰᠡᠨ ᠶᠠᠷᠢᠯᠴᠠᠯᠭ᠎ᠠ ᠳ᠋ᠠᠭᠠᠨ᠄ ᠮᠤᠩᠭᠤᠯ ᠦᠨ ᠠᠷᠠᠳᠴᠢᠯᠠᠭᠰᠠᠨ ᠪᠦᠬᠦ ᠬᠦᠴᠦᠨ ᠨᠢᠭᠡᠳᠴᠦ ᠬᠠᠭᠤᠴᠢᠨ ᠪ ᠡᠯᠳᠡᠪ ᠲᠡᠦᠬᠡ᠂ ᠭᠤᠮᠤᠳᠠᠯ᠂ ᠲᠤᠭᠠᠴᠠᠭ᠎ᠠ ᠪᠠᠨ ᠮᠠᠷᠲᠠᠬᠤ ᠬᠡᠷᠡᠭᠲᠡᠢ ᠁ ᠰᠢᠨ᠎ᠡ ᠨᠠᠮ ᠠᠷᠠᠳᠴᠢᠯᠠᠭᠰᠠᠨ ᠬᠦᠴᠦᠨ ᠪ ᠪᠡᠨ ᠪᠦᠷᠢᠨ ᠡᠷᠬᠡᠲᠦ ᠲᠥᠯᠦᠭᠡᠯᠡᠯ ᠪᠣᠯᠵᠤ᠂ ᠡᠪ ᠨᠢᠭᠡᠳᠦᠯ ᠳ᠋ᠦ ᠨᠢᠭᠡᠬᠡᠨ ᠪᠠᠢᠢᠷᠢ ᠰᠠᠭᠤᠷᠢ ᠡᠵᠡᠯᠡᠬᠦ ᠨᠢ ᠵᠥᠪ ᠭᠡᠵᠦ ᠪᠣᠳᠤᠵᠤ ᠪᠠᠢᠢᠭ᠎ᠠ ᠭᠡᠵᠡᠢ᠃ ᠲᠡᠭᠦᠨ ᠪ ᠶᠠᠷᠢᠶᠠᠨ ᠡᠴᠠ ᠳ᠋ᠦᠩᠨᠡᠪᠡᠯ᠂ ᠰᠢᠨ᠎ᠡ ᠨᠠᠮ ᠠᠷᠠᠳᠴᠢᠯᠠᠭᠰᠠᠨ ᠨᠠᠮ ᠦᠨ ᠰᠢᠨᠡᠴᠢᠯᠡᠯ ᠳ᠋ᠦ ᠢᠳᠡᠪᠬᠢᠯᠡᠨ ᠣᠷᠤᠯᠴᠠᠬᠤ ᠶᠤᠮ ᠪᠠᠢᠢᠨ᠎ᠠ᠃ ᠡᠨᠡ ᠲᠤᠬᠢᠷᠠᠯᠴᠠᠭᠠᠨ ᠳᠡᠭᠡᠷ᠎ᠡ ᠦᠨᠳᠦᠰᠦᠯᠡᠵᠦ ᠶᠡᠷᠦᠩᠬᠡᠢᠢᠯᠡᠭᠴᠢ ᠵᠢᠨ ᠵᠥᠪᠯᠡᠬᠦ ᠪᠡᠷ ᠣᠴᠢᠭᠰᠠᠨ ᠪᠠᠢᠢᠬᠤ ᠵᠢ ᠴᠦ ᠦᠭᠡᠢᠢᠰᠬᠡᠬᠦ ᠦᠭᠡᠢ ᠃ ᠶᠡᠷᠦᠩᠬᠡᠢᠢᠯᠡᠭᠴᠢ ᠬ᠊·ᠪᠠᠲᠤᠲᠤᠯᠭ᠎ᠠ 2021 ᠣᠨ ᠳᠤ ᠠᠷᠠᠳᠴᠢᠯᠠᠭᠰᠠᠨ ᠨᠠᠮ ᠡᠴᠠ ᠨᠡᠷ᠎ᠡ ᠳᠡᠪᠰᠢᠬᠦ ᠵᠢᠨ ᠲᠤᠯᠠᠳᠠ ᠲᠤᠰ ᠨᠠᠮ ᠤᠨ ᠰᠢᠨᠡᠴᠢᠯᠡᠯ ᠳ᠋ᠦ ᠶᠠᠮᠠᠷ ᠪᠠᠢᠢᠷᠢ ᠰᠠᠭᠤᠷᠢ ᠲᠠᠢ ᠣᠷᠤᠯᠴᠠᠬᠤ ᠨᠢ ᠤᠯᠤᠰ ᠲᠥᠷᠦ ᠵᠢᠨ ᠬᠤᠪᠢ ᠳᠤ ᠰᠤᠨᠢᠷᠬᠠᠯᠲᠠᠢ ᠠᠰᠠᠭᠤᠯᠲᠠ ᠪᠣᠯᠤᠭᠠᠳ ᠪᠠᠢᠢᠭ᠎ᠠ ᠵᠢ ᠬᠡᠯᠡᠬᠦ ᠬᠡᠷᠡᠭᠲᠡᠢ ᠃