ᠬᠤᠪᠲᠤ ᠠᠢᠢᠮᠠᠭ ᠤᠨ ᠮᠤᠩᠭᠤᠯ ᠠᠯᠲᠠᠢ ᠳᠤᠭᠤᠢ ᠵᠢᠨ ᠬᠤᠯᠪᠣᠭᠠᠨ ᠡᠴᠠ︽ᠬᠤᠪᠲᠤ – ᠬᠤᠩᠭᠢᠶ᠎ᠠ ︾ 4 х 20 ᠪᠠᠭ ᠤᠨ ᠠᠭᠤᠯᠠ ᠵᠢᠨ ᠳᠤᠭᠤᠢ ᠵᠢᠨ ᠪᠤᠤᠬᠢᠶ᠎ᠠ ᠲᠡᠮᠡᠴᠡᠭᠡᠨ
᠊ᠢ ᠨᠠᠢᠮᠠᠳᠤᠭᠠᠷ ᠰᠠᠷ᠎ᠠ ᠵᠢᠨ 01 – 02 ᠪ ᠡᠳᠦᠷ ᠵᠤᠬᠢᠶᠠᠨ ᠪᠠᠢᠢᠭᠤᠯᠤᠨ᠎ᠠ ᠃ ᠡᠨᠡ ᠬᠦ ᠲᠡᠮᠡᠴᠡᠭᠡᠨ 18 – 25 ᠂ 26 – 45 ᠂ 45 ᠡᠴᠠ ᠳᠡᠭᠡᠭᠰᠢ ᠭᠡᠰᠡᠨ ᠭᠤᠷᠪᠠᠨ ᠨᠠᠰᠤᠨ ᠪ ᠠᠩᠭᠢᠯᠠᠯ ᠲᠠᠢ ᠃ ᠢᠩᠭᠢᠬᠦ ᠳ᠋ᠦ ᠪᠡᠨ ᠪᠠᠭ ᠲᠤᠰ ᠪᠦᠷᠢ ᠳᠥᠷᠪᠡᠨ ᠭᠡᠰᠢᠭᠦᠨ ᠲᠠᠢ ᠂ ᠨᠢᠭᠡ ᠬᠥᠮᠦᠨ 20 ᠺᠢᠯᠤᠮᠧᠲ᠋ᠷ ᠵᠠᠮ ᠲᠤᠭᠤᠯᠬᠤ ᠶᠤᠮ ᠃
ᠡᠨᠡ ᠬᠦ ᠲᠡᠮᠡᠴᠡᠭᠡᠨ ᠨᠢ ᠮᠡᠷᠭᠡᠵᠢᠯ ᠤᠨ ᠳᠤᠭᠤᠢᠴᠢᠳ ᠤᠨ ᠤᠷᠤᠯᠳᠤᠬᠤ ᠲᠧᠭᠨᠢᠭ ᠂ ᠠᠷᠭ᠎ᠠ ᠪᠠᠷᠢᠯ ᠳ᠋ᠤ ᠰᠤᠷᠤᠯᠴᠠᠬᠤ ᠂ ᠬᠠᠷᠢᠯᠴᠠᠨ ᠲᠤᠷᠰᠢᠯᠭ᠎ᠠ ᠰᠤᠯᠢᠯᠴᠠᠬᠤ ᠂ ᠥᠰᠬᠦ ᠢᠷᠡᠭᠡᠳᠦᠢ ᠲᠠᠢ ᠵᠠᠯᠠᠭᠤ ᠲᠠᠮᠢᠷᠴᠢᠳ ᠊ᠢ ᠲᠤᠳᠤᠷᠠᠭᠤᠯᠬᠤ ᠂ ᠳᠤᠭᠤᠢ ᠵᠢᠨ ᠰᠫᠣᠷᠲ ᠊ᠢ ᠰᠤᠷᠲᠠᠯᠴᠢᠯᠠᠬᠤ ᠳ᠋ᠤ ᠴᠢᠬᠤᠯᠠ ᠠᠴᠢ ᠬᠤᠯᠪᠣᠭᠳᠠᠯ ᠲᠠᠢ ᠭᠡᠵᠦ ᠮᠡᠷᠭᠡᠵᠢᠯᠲᠡᠳ ᠣᠨᠴᠠᠯᠠᠯ᠎ᠠ ᠃