ᠡᠮᠦᠨᠡᠭᠤᠪᠢ ᠠᠢᠢᠮᠠᠭ ᠤᠨ ᠬᠠᠩᠬᠤᠩᠭᠤᠷ ᠰᠤᠮᠤ ᠵᠢᠨ ᠬᠠᠷᠢᠶᠠᠲᠤ ᠪᠥᠬᠡ ᠴᠡᠳᠡᠨᠪᠠᠽᠠᠷ ᠤᠨ ᠣᠳᠤᠪᠠᠶᠠᠷ ᠥᠨᠦ ᠵᠢᠯ ᠲᠥᠷᠦ ᠵᠢᠨ ᠨᠠᠭᠠᠳᠤᠮ ᠤᠨ ᠤᠯᠤᠰ ᠤᠨ ᠬᠠᠷᠴᠠᠭᠠᠢ ᠴᠤᠯᠠ ᠬᠦᠷᠲᠡᠭᠰᠡᠨ ᠪᠢᠯᠡ᠃ ᠡᠮᠦᠨᠡᠭᠤᠪᠢ ᠠᠢᠢᠮᠠᠭ ᠤᠨ ᠬᠦᠷᠮᠡᠨ ᠰᠤᠮᠤ ᠵᠢᠨ ᠬᠠᠷᠢᠶᠠᠲᠤ᠂ ᠤᠯᠤᠰ ᠤᠨ ᠨᠠᠴᠢᠨ ᠱ᠊·ᠳᠠᠷᠬᠠᠨᠪᠠᠲᠤ ᠲᠡᠭᠦᠨ ᠲᠠᠢ ᠦᠶ᠎ᠡ ᠵᠠᠢ ᠦᠭᠡᠢ ᠨᠠᠢᠢᠵᠠ᠃ ᠱ᠊·ᠳᠠᠷᠬᠠᠨᠪᠠᠲᠤ ᠨᠠᠢᠢᠵᠠ ᠴ᠊·ᠤᠳᠤᠪᠠᠶᠠᠷ ᠲᠤ ᠪᠠᠨ ᠵᠤᠷᠢᠭᠤᠯᠵᠤ ᠰᠢᠯᠦᠭ ᠪᠢᠴᠢᠵᠡᠢ ᠃
ᠲᠡᠷᠡ ᠪᠡᠷ ︽ᠭᠡᠳᠡᠢᠢᠵᠦ ᠵᠤᠭᠰᠤᠭᠠᠨ᠎ᠠ ᠭᠢᠯᠵᠢᠭᠡᠶ
ᠭᠢᠰᠬᠢᠭᠰᠡᠨ ᠮᠥᠷ ᠨᠢ ᠳᠠᠯᠢᠢ
ᠰᠡᠨᠴᠢᠭᠳᠡᠵᠦ ᠲᠠᠬᠢᠮᠳᠠᠬᠤ ᠨᠢ ᠭᠠᠩᠭᠠᠩ
ᠰᠡᠬᠡᠭᠡ ᠥᠭᠬᠦ ᠦᠭᠡᠢ ᠲᠠᠮᠤ ᠲᠠᠢ
ᠡᠲᠡᠵᠦ ᠡᠯᠭᠦᠬᠦ ᠨᠢ ᠭᠠᠩᠭᠠᠩ
ᠡᠷᠭᠢᠭᠦᠯᠵᠦ ᠬᠦᠭᠡᠭᠡᠬᠦ ᠳᠦ ᠪᠡᠨ ᠰᠠᠯᠬᠤ ᠦᠭᠡᠢ
ᠲᠠᠰᠤᠷᠴᠦ ᠪᠠᠷᠢᠯᠳᠤᠬᠤ ᠨᠢ ᠭᠠᠩᠭᠠᠩ
ᠲᠡᠭᠡᠰᠬᠢᠭᠡᠳ ᠬᠠᠷᠢᠨ ᠬᠢᠯᠠᠢᠢᠨᠠ
ᠣᠭᠢᠵᠤ ᠰᠠᠭᠤᠭᠠᠳ ᠪᠣᠰᠬᠤ ᠳ᠋ᠤ ᠪᠠᠨ
ᠣᠢ ᠦᠭᠡᠢ ᠪᠢᠷ᠎ᠠ ᠲᠠᠢ ᠰᠡᠷᠭᠦᠨ᠎ᠡ
ᠴᠡᠳᠡᠨᠪᠠᠽᠠᠷ ᠤᠨ ᠣᠳᠤᠪᠠᠶᠠᠷ ᠭᠡᠵᠦ
ᠴᠡᠩᠭᠡᠯᠳᠦᠬᠦ ᠳᠦᠭᠦᠷᠡᠩ ᠴᠤᠤᠷᠢᠶᠠᠲᠤᠭᠤᠯᠵᠤ
ᠮᠤᠷᠢᠲᠤ ᠫᠦᠷᠪᠦ ᠭᠤᠸᠠᠢ ᠵᠢᠨ ᠨᠡᠷ᠎ᠡ ᠶᠢ
ᠮᠤᠩᠭᠤᠯ ᠳᠠᠶᠠᠭᠠᠷ ᠳᠠᠭᠤᠷᠢᠰᠬᠠᠨ
ᠮᠤᠩᠭᠤᠯ ᠨᠠᠭᠠᠳᠤᠮ ᠤᠨ ᠳᠡᠪᠵᠢᠶᠡᠨ ᠳ᠋ᠦ ᠬᠠᠷᠴᠠᠭᠠᠢ ᠴᠤᠯᠠᠲᠠᠨ ᠲᠥᠷᠦᠯᠡ ᠃
ᠬᠦᠢ ᠮᠠᠨᠳᠤᠯ ᠤᠨ ᠳᠡᠪᠵᠢᠶᠡᠨ ᠳ᠋ᠦ ᠤᠯᠤᠰ ᠬᠠᠯᠵᠠᠨ ᠮᠠᠩᠯᠠᠢᠢᠯᠠᠭᠰᠠᠨ
ᠾᠦᠩᠨᠦ ᠭᠦᠷᠦᠨ ᠪ ᠣᠢ ᠬᠤᠩᠭᠤᠷ ᠬᠠᠯᠵᠠᠨ ᠮᠠᠨᠢ ᠰᠢᠪᠦᠭᠡᠷᠡᠯᠡ ᠃
ᠬᠤᠷᠤᠢ ᠬᠤᠷᠤᠢ ᠬᠤᠷᠤᠢ︵ᠠᠨᠳᠠ ᠳᠦ ᠵᠤᠷᠢᠭᠤᠯᠪᠠ ︶ᠭᠡᠵᠦ ᠲᠡᠷᠯᠡᠵᠡᠢ ᠃