ᠬᠡᠦᠬᠡᠳ ᠤᠨ ᠰᠡᠳᠬᠢᠨ ᠪᠣᠳᠤᠬᠤ ᠴᠢᠳᠠᠪᠤᠷᠢ ᠂ ᠣᠢ ᠲᠤᠭᠲᠠᠭᠠᠯᠲᠠ ᠵᠢ ᠰᠠᠢᠢᠵᠢᠷᠠᠭᠤᠯᠵᠤ ᠪᠠᠢᠢᠨ᠎ᠠ | News.MN

ᠬᠡᠦᠬᠡᠳ ᠤᠨ ᠰᠡᠳᠬᠢᠨ ᠪᠣᠳᠤᠬᠤ ᠴᠢᠳᠠᠪᠤᠷᠢ ᠂ ᠣᠢ ᠲᠤᠭᠲᠠᠭᠠᠯᠲᠠ ᠵᠢ ᠰᠠᠢᠢᠵᠢᠷᠠᠭᠤᠯᠵᠤ ᠪᠠᠢᠢᠨ᠎ᠠ

ᠤᠪᠰᠤ ᠠᠢᠮᠠᠭ ᠤᠨ ᠪᠠᠷᠠᠭᠤᠨ ᠪᠦᠰᠡ ᠵᠢᠨ ᠬᠡᠦᠬᠡᠳ ᠬᠥᠭᠵᠢᠯ  ᠤᠨ ᠲᠥᠪ ᠲᠦ ᠮᠤᠩᠭᠤᠯ  ᠤᠨ ᠣᠶᠤᠨ ᠤᠬᠠᠭᠠᠨ ᠪ ᠠᠺᠠᠳᠧᠮᠢ ᠵᠢᠨ ᠬᠤᠶᠠᠷ ᠪᠠᠭᠰᠢ ᠢᠷᠠᠵᠤ᠂ ᠲᠠᠪᠤᠨ ᠬᠤᠨᠤᠭ ᠦᠨ ᠬᠤᠭᠤᠴᠠᠭ᠎ᠠ ᠲᠠᠢ ᠬᠢᠴᠢᠶᠡᠯ ᠵᠢᠭᠠᠵᠤ ᠪᠠᠢᠢᠨ᠎ᠠ ᠃ ᠣᠢ ᠲᠤᠭᠲᠠᠭᠠᠯᠲᠠ ᠂ ᠴᠡᠭᠡᠵᠢ ᠪᠣᠳᠤᠯᠲᠠ ᠂  ᠷᠤᠪᠢᠺ ᠱᠤᠸᠤ᠋ ᠂ ᠰᠫᠣᠷᠲ ᠥᠷᠦᠯᠲᠡ ᠵᠢᠨ ᠴᠢᠭᠯᠡᠯ ᠵᠢᠨᠷ ᠶᠠᠪᠤᠭᠳᠠᠵᠤ ᠪᠤᠢ ᠤᠭ ᠰᠤᠷᠭᠠᠯᠲᠠ ᠳ᠋ᠤ ᠲᠤᠰ ᠲᠥᠪ ᠤᠨ ᠰᠡᠳᠬᠢᠨ ᠪᠣᠳᠤᠬᠤ ᠂ ᠣᠢ ᠲᠤᠭᠲᠠᠭᠠᠯᠲᠠ ᠵᠢᠨ ᠠᠩᠭᠢ ᠵᠢᠨ 156 ᠬᠡᠦᠬᠡᠳ ᠰᠤᠷᠭᠠᠭᠴᠢ ᠪᠠᠭᠰᠢ ᠨᠠᠷ  ᠤᠨ ᠵᠢᠨᠨ ᠬᠠᠮᠲᠤ ᠪᠡᠷ ᠬᠠᠮᠤᠷᠤᠭᠳᠠᠵᠤ ᠪᠠᠢᠢᠭ᠎ᠠ ᠶᠤᠮ᠃ ᠥᠩᠭᠡᠷᠡᠭᠰᠡᠨ ᠬᠠᠪᠤᠷ ᠰᠢᠨ᠎ᠡ ᠪᠡᠷ ᠪᠠᠢᠢᠭᠤᠯᠤᠭᠳᠠᠭᠰᠠᠨ ᠪᠠᠷᠠᠭᠤᠨ ᠪᠦᠰᠡ ᠵᠢᠨ ᠬᠡᠦᠬᠡᠳ ᠬᠥᠭᠵᠢᠯ  ᠤᠨ ᠲᠥᠪ ᠡ‍ᠴᠡ ᠮᠤᠩᠭᠤᠯ  ᠤᠨ ᠣᠶᠤᠨ ᠤᠬᠠᠭᠠᠨ ᠪ ᠠᠺᠠᠳ᠋ᠸᠮᠢ ᠲᠠᠢ ᠬᠠᠮᠲᠤᠷᠠᠨ ᠠᠵᠢᠯᠯᠠᠬᠤ ᠭᠡᠷ᠎ᠡ ᠪᠠᠢᠢᠭᠤᠯᠵᠤ ᠂ ᠤᠯᠠᠮ ᠵᠢᠨᠷ ᠰᠠᠯᠪᠤᠷᠢ ᠵᠢ ᠨᠢ ᠣᠷᠤᠭᠤᠯᠵᠤ ᠢᠷᠡᠭᠰᠡᠨ ᠪᠠᠢᠢᠨ᠎ᠠ ᠃

︽ᠬᠡᠦᠬᠡᠳ ᠪᠠᠭᠠᠴᠤᠳ ᠊ᠢ ᠪᠠᠭ᠎ᠠ ᠡᠴᠠ ᠨᠢ ᠰᠡᠳᠬᠢᠨ ᠪᠣᠳᠤᠬᠤ ᠴᠢᠳᠠᠪᠤᠷᠢ᠂ ᠣᠢ ᠲᠤᠭᠲᠠᠭᠠᠯᠲᠠ ᠰᠠᠢᠢᠵᠢᠷᠠᠭᠤᠯᠬᠤ ᠳᠠᠰᠬᠠᠯ ᠵᠢᠨᠷ ᠬᠢᠴᠢᠶᠡᠯᠯᠡᠭᠦᠯᠬᠦ ᠨᠢ ᠣᠯᠠᠨ ᠳᠠᠪᠠᠭᠤ ᠲᠠᠯ᠎ᠠ ᠲᠠᠢ ᠪᠠᠢᠢᠳᠠᠭ ᠃ ᠮᠤᠩᠭᠤᠯ ᠤᠨ ᠣᠶᠤᠨ ᠤᠬᠠᠭᠠᠨ ᠪ ᠠᠺᠠᠳᠧᠮᠢ ᠵᠢᠨ ᠰᠠᠯᠪᠤᠷᠢ ᠤᠪᠰᠤ ᠠᠢᠢᠮᠠᠭ ᠲᠤ ᠨᠡᠭᠡᠭᠡᠭᠳᠡᠵᠦ ᠪᠠᠢᠢᠭ᠎ᠠ ᠪᠣᠯᠬᠤᠷ ᠴᠠᠭᠠᠰᠢᠳᠠ ᠪᠠᠨ ᠪᠢᠳᠠ ᠵᠥᠪᠬᠡᠨ ᠬᠡᠦᠬᠡᠳ ᠪᠠᠭᠠᠴᠤᠳ ᠭᠡᠯᠲᠡ ᠦᠭᠡᠢ ᠨᠠᠰᠤᠨ ᠬᠦᠷᠦᠭᠰᠡᠳ ᠂ ᠰᠤᠨᠢᠷᠬᠠᠭᠰᠠᠨ ᠢᠷᠭᠡᠳ ᠲᠦ ᠡ‍ᠨᠡ ᠴᠢᠭᠯᠡᠯ ᠦᠨ ᠰᠤᠷᠭᠠᠯᠲᠠ ᠶᠠᠪᠤᠭᠤᠯᠬᠤ ᠪᠣᠯᠤᠮᠵᠢᠲᠠᠢ ︾ ᠬᠡᠮᠡᠨ ᠮᠤᠩᠭᠤᠯ  ᠤᠨ ᠣᠶᠤᠨ ᠤᠬᠠᠭᠠᠨ ᠪ ᠠᠺᠠᠳᠧᠮᠢ ᠵᠢᠨ ᠪᠠᠭᠰᠢ ᠡ‍᠊ · ᠡᠷᠳᠡᠨᠢᠮᠠᠨᠳᠤᠬᠤ ᠬᠡᠯᠡᠯ᠎ᠡ ᠃

ᠰᠡᠳᠬᠢᠭᠳᠡᠯ ᠦᠯᠡᠳᠡᠭᠡᠬᠦ