ᠲᠠᠬᠢ ᠵᠢᠨ ᠲᠤᠭ᠎ᠠ 100 ᠬᠦᠷᠴᠡᠢ | News.MN

ᠲᠠᠬᠢ ᠵᠢᠨ ᠲᠤᠭ᠎ᠠ 100 ᠬᠦᠷᠴᠡᠢ

ᠵᠠᠪᠬᠠᠨ ᠠᠢᠢᠮᠠᠭ  ᠤᠨ ᠳᠥᠷᠪᠡᠯᠵᠢᠨ ᠰᠤᠮᠤ ᠵᠢᠨ ᠬᠤᠮ  ᠤᠨ ᠲᠠᠯ᠎ᠠ ᠳᠤ ᠦᠷᠡᠵᠢᠭᠦᠯᠵᠦ ᠪᠤᠢ ᠲᠠᠬᠢ ᠵᠢᠨ ᠲᠤᠭ᠎ᠠ ᠲᠤᠯᠤᠭᠠᠢ 100᠎ ᠳ᠋ᠦ ᠬᠦᠷᠦᠭᠰᠡᠨ ᠪᠠᠢᠨ᠎ᠠ ᠃ ᠬᠤᠮ ᠤᠨ ᠲᠠᠯ᠎ᠠ ᠳᠤ ᠠᠩᠬ᠎ᠠ 2004 – 2005 ᠣᠨ ᠳᠤ ᠹᠷᠠᠨᠼᠢ ᠡᠴᠠ 22 ᠂  ᠴᠸᠬᠤ᠋ ᠠᠴᠠ ᠳᠥᠷᠪᠡᠨ ᠲᠠᠬᠢ ᠠᠪᠴᠢᠷᠠᠵᠤ ᠂ ︽ᠲᠠᠬᠢ ᠠᠳᠤᠭᠤ ᠵᠢ ᠰᠡᠷᠭᠦᠭᠡᠨ ᠨᠤᠲᠤᠭᠰᠢᠭᠤᠯᠬᠤ ᠪᠠᠢᠢᠭᠠᠯᠢ ᠬᠠᠮᠠᠭᠠᠯᠠᠯ ᠤᠨ ᠨᠢᠭᠡᠳᠦᠭᠰᠡᠨ ᠬᠥᠲᠦᠯᠪᠦᠷᠢ︾ ᠬᠡᠷᠡᠭᠵᠢᠭᠦᠯᠵᠦ ᠡ‍ᠬᠢᠯᠡᠭᠦᠯᠦᠭᠰᠡᠨ ᠶᠤᠮ ᠃ ᠡ‍ᠳᠦᠭᠡ ᠲᠠᠬᠢ ᠵᠢᠨ ᠰᠦᠷᠦᠭ ᠡ‍ᠬᠡ ᠨᠤᠲᠤᠭ ᠲᠦ ᠪᠡᠨ ᠬᠡᠳᠦᠢᠢᠨ ᠢᠳᠡᠭᠡᠰᠢᠨ ᠂ ᠴᠠᠭ ᠠᠭᠠᠷ ᠤᠨ ᠲᠠᠭᠠᠯᠠᠮᠵᠢ ᠦᠭᠡᠢ ᠨᠥᠬᠥᠴᠡᠯ ᠂ ᠴᠢᠨᠦ᠎ᠠ ᠳᠤ ᠪᠠᠷᠢᠭᠤᠯᠬᠤ ᠵᠡᠷᠭᠡ ᠭᠠᠭᠴᠠ ᠬᠤᠶᠠᠷ ᠲᠤᠬᠢᠶᠠᠯᠳᠤᠯ ᠊ᠢ ᠡ‍ᠰᠡ ᠲᠤᠭᠠᠴᠠᠪᠠᠯ ᠡ‍ᠰᠡᠨ ᠮᠡᠨᠳᠦ ᠦᠷᠡᠵᠢᠵᠦ ᠪᠠᠢᠢᠨ᠎ᠠ ᠃ ᠴᠠᠭᠠᠰᠢᠳᠠ ᠲᠠᠬᠢ ᠨᠤᠲᠤᠭᠰᠢᠭᠤᠯᠬᠤ ᠪᠦᠰᠡ ᠵᠢᠨ ᠬᠠᠮᠠᠭᠠᠯᠠᠯᠲᠠ ᠵᠢᠨ ᠬᠠᠰᠢᠶ᠎ᠠ ᠵᠢ ᠪᠠᠭᠤᠯᠭᠠᠨ ᠂ ᠣᠩᠭᠤᠨ ᠪᠠᠢᠢᠭᠠᠯᠢ ᠳᠤ ᠲᠠᠯᠪᠢᠬᠤ ᠲᠥᠯᠦᠪᠯᠡᠭᠡ ᠲᠠᠢ ᠭᠡᠳᠡᠭ ᠵᠢᠨᠨ ︽ᠬᠤᠮ  ᠤᠨ ᠲᠠᠯ᠎ᠠ ᠵᠢᠨ ᠲᠠᠬᠢ ︾ ᠲᠥᠷᠦ ᠵᠢᠨ ᠪᠤᠰᠤ ᠪᠠᠢᠢᠭᠤᠯᠭ᠎ᠠ ᠵᠢᠨ ᠬᠢᠨ ᠣᠨᠴᠠᠯᠠᠭᠰᠠᠨ ᠶᠤᠮ᠃

ᠰᠡᠳᠬᠢᠭᠳᠡᠯ ᠦᠯᠡᠳᠡᠭᠡᠬᠦ