ᠶᠠᠫᠤᠨ ᠪ ᠮᠡᠷᠭᠡᠵᠢᠯ ᠤᠨ ᠰᠦᠮᠦᠦ ᠪᠥᠬᠡ ᠵᠢᠨ ᠨᠠᠭᠤᠶᠠ ᠪᠠᠱᠶᠤ᠋ ᠵᠢᠨ ᠨᠠᠢᠮᠠᠳᠠᠭᠢ ᠡᠳᠦᠷ ᠤᠨ ᠪᠠᠷᠢᠯᠳᠤᠭᠠᠨ ᠨᠤᠭᠤᠳ ᠥᠴᠦᠭᠡᠳᠦᠷ ᠲᠤᠤᠺᠢᠣ᠋ ᠬᠤᠲᠠ ᠳᠤ ᠪᠣᠯᠵᠤ ᠥᠨᠳᠦᠷᠯᠡᠯ᠎ᠡ᠃ ᠴᠠᠷ᠎ᠠ ᠲᠠᠬᠤᠯ ᠤᠨ ᠤᠯᠠᠮ ᠡᠴᠠ 2500 ᠦᠵᠡᠭᠴᠢ ᠵᠢ ᠯᠡ ᠣᠷᠳᠤᠨ ᠳᠤ ᠣᠷᠤᠬᠤ ᠵᠢ ᠵᠥᠪᠰᠢᠶᠡᠷᠡᠵᠦ ᠪᠤᠢ ᠨᠠᠭᠤᠶᠠ ᠪᠠᠱᠶᠤ᠋ ᠵᠢᠨ ᠨᠠᠢᠮᠠᠳᠠᠭᠢ ᠡᠳᠦᠷ ᠬᠠᠺᠦᠬᠣ᠋ ᠱᠤᠤ ᠺᠠᠭᠠᠶᠠᠺᠢ ᠲᠠᠢ ᠪᠠᠷᠢᠯᠳᠤᠭᠰᠠᠨ ᠪᠣᠯ ᠤᠽᠸᠺᠢ ᠠᠰᠠᠨᠤᠶᠠᠮᠠ ᠠᠠᠤᠢᠶᠠᠮᠠ ᠲᠠᠢ ᠤᠴᠠᠷᠠᠭ᠎ᠠ ᠲᠠᠭᠠᠷᠠᠪᠠ ᠃
ᠶᠤᠺᠤᠽᠤᠨᠠ ᠬᠠᠺᠤᠷᠢᠦ᠋ ᠠᠨᠠᠨᠳᠠ ᠭᠡᠮᠲᠦᠯ ᠤᠨ ᠤᠯᠠᠮ ᠡᠴᠠ ᠪᠠᠱᠶᠤ᠋ ᠵᠢ ᠦᠷᠭᠦᠯᠵᠢᠯᠡᠭᠦᠯᠬᠦ ᠪᠣᠯᠤᠮᠵᠢ ᠦᠭᠡᠢ ᠪᠣᠯᠤᠭᠰᠠᠨ ᠃ ᠬᠠᠺᠦᠬᠣ᠋ ᠡᠨᠡ ᠤᠳᠠᠭᠠᠨ ᠪ ᠪᠠᠱᠶᠤ᠋ ᠳ᠋ᠤ ᠪᠠᠷᠢᠯᠳᠤᠵᠤ ᠪᠤᠢ ᠭᠠᠭᠴᠠ ᠶᠤᠺᠤᠽᠤᠨᠠ ᠴᠤᠯᠠ ᠲᠠᠢ ᠪᠥᠬᠡ ᠪᠣᠯᠤᠭᠰᠠᠨ ᠶᠤᠮ ᠃ ᠲᠡᠷᠡ ᠪᠡᠷ ᠨᠠᠭᠤᠶᠠ ᠪᠠᠱᠶᠤ᠋ ᠵᠢᠨ ᠨᠠᠢᠮᠠᠳᠠᠭᠢ ᠡᠳᠦᠷ ᠺᠠᠭᠠᠶᠠᠺᠢ ᠶᠢ ᠳᠠᠪᠠᠵᠤ ᠂ ᠨᠠᠢᠮᠠᠳᠠᠭᠢ ᠢᠯᠠᠯᠲᠠ ᠪᠠᠨ ᠠᠪᠤᠭᠰᠠᠨ ᠪᠣᠯ ᠺᠠᠭᠠᠶᠠᠺᠢ ᠭᠤᠷᠪᠠ ᠳᠠᠪᠠᠵᠤ ᠂ ᠲᠠᠪᠤ ᠤᠨᠠᠭᠰᠠᠨ ᠦᠵᠡᠭᠦᠯᠦᠯᠲᠡ ᠲᠠᠢ ᠪᠠᠷ ᠪᠠᠱᠶᠤ᠋ ᠵᠢ ᠦᠷᠭᠦᠯᠵᠢᠯᠡᠭᠦᠯᠵᠦ ᠪᠠᠢᠢᠨ᠎ᠠ ᠃ ᠶᠤᠺᠤᠽᠤᠨᠠ ᠬᠠᠺᠦᠬᠣ᠋ 50 ᠳ᠋ᠡᠬᠢ ᠤᠳᠠᠭ᠎ᠠ ᠪᠠᠨ ᠨᠢᠭᠡ ᠴᠦ ᠤᠨᠠᠯ ᠦᠭᠡᠢ ᠪᠡᠷ ᠺᠠᠴᠢᠺᠤᠱᠢ ᠬᠢᠯ᠎ᠡ ᠃ ᠲᠡᠷᠡ ᠪᠡᠷ ᠡᠮᠦᠨ᠎ᠡ ᠨᠢ 49 ᠺᠠᠴᠢᠺᠤᠱᠢ ᠬᠢᠬᠦ ᠳ᠋ᠦ ᠪᠡᠨ 34 ᠳᠤ ᠨᠢ ᠲᠤᠬᠠᠢ ᠵᠢᠨ ᠪᠠᠱᠶᠤ᠋ ᠳᠤ ᠪᠠᠨ ᠲᠦᠷᠦᠭᠦᠯᠡᠵᠦ ᠪᠠᠢᠢᠵᠠᠢ ᠃