ᠮᠡᠷᠭᠡᠵᠢᠯ ᠤᠨ ᠪᠣᠺᠰ ᠤᠨ ᠳᠡᠪᠵᠢᠶᠡᠨ ᠳᠦ ᠬᠦᠴᠦ ᠦᠵᠡᠵᠦ ᠶᠠᠪᠤᠭ᠎ᠠ ᠮᠤᠩᠭᠤᠯ ᠤᠯᠤᠰ ᠤᠨ ᠭᠠᠪᠢᠶᠠᠲᠤ ᠲᠠᠮᠢᠷᠴᠢᠨ᠂︽ᠯᠤᠨᠳᠤᠨ 2012︾ᠣᠯᠢᠮᠫᠢᠺ ᠤᠨ ᠨᠠᠭᠠᠳᠤᠮ ᠤᠨ ᠮᠥᠩᠭᠥᠨ ᠮᠧᠲᠠᠯᠲᠤ ᠨ᠊·ᠲᠡᠭᠦᠰᠴᠤᠭᠲᠤ ᠥᠴᠦᠭᠡᠳᠦᠷ ᠥᠪᠡᠷ ᠤᠨ ᠴᠠᠬᠢᠮ ᠬᠠᠭᠤᠳᠠᠰᠤ ᠪᠠᠷ ᠵᠢᠨᠨ ᠳᠠᠮᠵᠢᠭᠤᠯᠤᠨ ᠳᠠᠷᠠᠭ᠎ᠠ ᠵᠢᠨ ᠲᠤᠯᠤᠭᠠᠨ ᠪ ᠪᠠᠨ ᠪᠡᠯᠡᠳᠬᠡᠯ ᠳ᠋ᠦ ᠣᠷᠤᠭᠰᠠᠨ ᠵᠢᠨᠨ ᠵᠠᠷᠯᠠᠯ᠎ᠠ ᠃ ᠲᠡᠷᠡ ᠪᠡᠷ ᠳᠠᠷᠠᠭ᠎ᠠ ᠵᠢᠨ ᠲᠤᠯᠤᠭᠠᠨ ᠵᠢᠨᠨ ᠢᠷᠡᠬᠦ ᠶᠢᠰᠦᠳᠦᠭᠡᠷ ᠰᠠᠷ᠎ᠠ ᠵᠢᠨ 19 ᠳ᠋ᠦ ᠮᠧᠺᠰᠢᠺᠦ ᠵᠢᠨ ᠪᠣᠺᠰᠴᠢᠨ ᠡᠳᠤᠸᠠᠷᠳᠤ᠋ ᠷᠠᠮᠢᠷᠸᠽ ᠲᠠᠢ ᠬᠢᠬᠦ ᠪᠡᠷ ᠪᠣᠯᠵᠠᠢ ᠃ ᠡᠳᠦᠭᠡ 27 ᠨᠠᠰᠤᠲᠠᠢ ᠡᠳᠤᠸᠠᠷᠳᠤ᠋ ᠷᠠᠮᠢᠷᠸᠽ ᠣᠳᠣ ᠵᠢᠨ ᠪᠠᠢᠢᠳᠠᠯ ᠵᠢᠨᠷ 28 ᠲᠤᠯᠤᠭᠠᠨ ᠬᠢᠵᠤ᠂ 23 ᠢᠯᠠᠵᠤ ᠂ ᠬᠤᠶᠠᠷ ᠢᠯᠠᠭᠳᠠᠵᠤ ᠂ ᠭᠤᠷᠪᠠ ᠲᠡᠩᠴᠡᠭᠰᠡᠨ ᠦᠵᠡᠭᠦᠯᠦᠯᠲᠡ ᠲᠠᠢ᠃ 28 ᠨᠠᠰᠤᠲᠠᠢ ᠨ᠊·ᠲᠡᠭᠦᠰᠴᠤᠭᠲᠤ 12 ᠲᠤᠯᠤᠭᠠᠨ ᠬᠢᠵᠤ᠂ 11 ᠢᠯᠠᠵᠤ ᠂ ᠨᠢᠭᠡ ᠢᠯᠠᠭᠳᠠᠭᠰᠠᠨ ᠦᠵᠡᠭᠦᠯᠦᠯᠲᠡ ᠲᠠᠢ ᠪᠠᠢᠢᠨ᠎ᠠ ᠃
ᠨ᠊·ᠲᠡᠭᠦᠰᠴᠤᠭᠲᠤ ᠬᠠᠮᠤᠭ ᠦᠨ ᠰᠡᠭᠦᠯ ᠳ᠋ᠦ ᠥᠩᠭᠡᠷᠡᠭᠴᠢ ᠬᠤᠶᠠᠳᠤᠭᠠᠷ ᠰᠠᠷ᠎ᠠ ᠵᠢᠨ 8 ᠳ᠋ᠦ ᠭᠠᠷᠢ ᠷᠠᠰᠰᠸᠯ ᠵᠤᠨᠢᠤᠷ ᠲᠠᠢ ᠲᠤᠯᠤᠯᠳᠤᠨ ᠮᠡᠷᠭᠡᠵᠢᠯ ᠤᠨ ᠪᠣᠺᠰ ᠤᠨ ᠵᠠᠮᠨᠠᠯ ᠳ᠋ᠤ ᠪᠠᠨ ᠠᠩᠬᠠᠨ ᠪ ᠢᠯᠠᠭᠳᠠᠯ ᠵᠢᠨᠨ ᠬᠦᠯᠢᠶᠡᠭᠰᠡᠨ ᠪᠣᠯ ᠲᠡᠭᠦᠨ ᠪ ᠥᠷᠢᠰᠦᠯᠳᠦᠭᠴᠢ ᠡᠳᠤᠸᠠᠷᠳᠤ᠋ ᠷᠠᠮᠢᠷᠸᠽ ᠬᠠᠮᠤᠭ ᠤᠨ ᠰᠡᠭᠦᠯ ᠤᠨ ᠲᠤᠯᠤᠭᠠᠨ ᠵᠢᠨᠨ ᠥᠩᠭᠡᠷᠡᠭᠰᠡᠨ 2019 ᠣᠨ ᠪ 11 ᠳ᠋ᠤᠭᠡᠷ ᠰᠠᠷ᠎ᠠ ᠳᠤ ᠬᠢᠵᠤ ᠢᠯᠠᠯᠲᠠ ᠪᠠᠢᠢᠭᠤᠯᠤᠭᠰᠠᠨ᠃